ᠮᠤᠩᠭᠤᠯ ᠤᠨ ᠪᠠᠩᠬᠢᠨ ᠤ ᠬᠤᠯᠪᠤᠭᠠᠨ ᠪ ᠭᠦᠢᠴᠡᠳᠬᠡᠬᠦ ᠵᠠᠬᠢᠷᠤᠯ᠂ ᠶᠡᠷᠦᠩᠬᠡᠢ ᠨᠠᠷᠢᠨ ᠪᠢᠴᠢᠭ ᠤᠨ ᠳᠠᠷᠤᠭ᠎ᠠ ᠪᠡᠷ ᠯᠾᠬᠠᠪᠠᠰᠦ᠋ᠷᠤᠩ ᠤᠨ ᠠᠮᠤᠷ ᠲᠤᠮᠢᠯᠠᠭᠳᠠᠯᠠ᠃ ᠯ᠊·ᠠᠮᠤᠷ ᠨᠢ ᠮᠤᠩᠭᠤᠯ ᠤᠯᠤᠰ ᠤᠨ ᠶᠡᠬᠡ ᠰᠤᠷᠭᠠᠭᠤᠯᠢ ᠵᠢᠨ ᠡᠳ᠋ ᠤᠨ ᠵᠠᠰᠠᠭ ᠤᠨ ᠰᠤᠷᠭᠠᠭᠤᠯᠢ ᠠᠴᠠ 2001 ᠣᠨ ᠳᠤ ᠡᠳ᠋ ᠤᠨ ᠵᠠᠰᠠᠭᠴᠢ᠂ ᠮᠧᠨᠧᠵᠧᠷ ᠮᠡᠷᠭᠡᠵᠢᠯ ᠵᠢᠨᠷ ᠲᠡᠭᠦᠰᠴᠦ᠂ 2005 – 2006 ᠣᠨ ᠳᠤ ᠯᠦᠺᠰᠸᠮᠪᠦ᠋ᠷᠡᠭ ᠦᠨ ᠰᠠᠩ ᠬᠦᠦ ᠵᠢᠨ ᠰᠤᠷᠭᠠᠭᠤᠯᠢ᠂ ᠨᠢᠦ᠋ ᠶᠤᠷᠺ ᠤᠨ ᠶᠡᠬᠡ ᠰᠤᠷᠭᠠᠭᠤᠯᠢ ᠵᠢᠨ ᠬᠠᠮᠲᠤᠷᠠᠭᠰᠠᠨ ᠬᠥᠲᠦᠯᠪᠦᠷᠢ ᠳ᠋ᠦ ᠰᠤᠷᠤᠯᠴᠠᠵᠤ᠂ ᠪᠠᠩᠬᠢ ᠰᠠᠩᠬᠦᠦ ᠵᠢᠨ ᠰᠢᠨᠵᠢᠯᠡᠬᠦ ᠤᠬᠠᠭᠠᠨ ᠪ ᠮᠠᠭᠢᠰᠲ᠋ᠷ ᠤᠨ ᠵᠡᠷᠭᠡ ᠲᠠᠢ ᠲᠡᠭᠦᠰᠦᠭᠰᠡᠨ᠃ ᠲᠡᠷᠡ ᠪᠡᠷ ᠠᠽᠢᠶ᠎ᠠ ᠵᠢᠨ ᠬᠥᠭᠵᠢᠯ ᠤᠨ ᠪᠠᠩᠬᠢ ︵ADB ︶ ᠶᠢᠨ ᠮᠤᠩᠭᠤᠯ ᠤᠯᠤᠰ ᠲᠠᠬᠢ ᠰᠠᠭᠤᠷᠢᠨ ᠲᠥᠯᠦᠭᠡᠯᠡᠭᠴᠢ ᠵᠢᠨ ᠭᠠᠵᠠᠷ ᠲᠤ 2011 – 2019 ᠣᠨ ᠳᠤ ᠡᠳ᠋ ᠤᠨ ᠵᠠᠰᠠᠭᠴᠢ ᠪᠠᠷ ᠠᠵᠢᠯᠯᠠᠵᠤ ᠂ ᠲᠤᠰ ᠪᠠᠩᠬᠢ ᠵᠢᠨ ᠮᠤᠩᠭᠤᠯ ᠤᠯᠤᠰ ᠲᠤ ᠬᠡᠷᠡᠭᠵᠢᠭᠦᠯᠬᠦ ᠰᠲ᠋ᠷᠡᠲ᠋ᠸᠬᠢ ᠂ ᠪᠢᠽᠢᠨᠧᠰ ᠲᠥᠯᠦᠪᠯᠡᠭᠡ ᠵᠢ ᠪᠣᠯᠪᠠᠰᠤᠷᠠᠭᠤᠯᠬᠤ ᠂ ᠬᠡᠷᠡᠭᠵᠢᠯᠲᠡ ᠳ᠋ᠦ ᠬᠢᠨᠠᠯᠲᠠ ᠲᠠᠯᠪᠢᠬᠤ ᠂ ᠦᠷ᠎ᠡ ᠳ᠋ᠦᠩ ᠢ ᠦᠨᠡᠯᠡᠬᠦ ᠂ ᠮᠠᠺᠷᠣ᠋ ᠡᠳ᠋ ᠤᠨ ᠵᠠᠰᠠᠭ ᠤᠨ ᠨᠥᠬᠥᠴᠡᠯ ᠪᠠᠢᠢᠳᠠᠯ ᠳᠦ ᠰᠢᠨᠵᠢᠯᠡᠭᠡ ᠬᠢᠵᠦ ᠂ ᠬᠡᠲᠦ ᠵᠢᠨ ᠲᠥᠯᠦᠪ ᠭᠠᠷᠭᠠᠬᠤ ᠂ ᠲᠤᠯᠭᠠᠮᠳᠠᠵᠤ ᠪᠤᠢ ᠠᠰᠠᠭᠤᠳᠠᠯ ᠵᠢᠨᠷ ᠪᠣᠳᠤᠯᠭ᠎ᠠ ᠵᠢᠨ ᠵᠥᠪᠯᠡᠮᠵᠢ ᠭᠠᠷᠭᠠᠬᠤ ᠂ ᠲᠧᠭᠨᠢᠭ ᠤᠨ ᠲᠤᠰᠠᠯᠠᠯᠴᠠᠭᠠᠨ ᠪ ᠲᠥᠰᠦᠯ ᠬᠡᠷᠡᠭᠵᠢᠭᠦᠯᠬᠦ ᠵᠡᠷᠭᠡ ᠴᠢᠭᠯᠡᠯ ᠳ᠋ᠦ ᠠᠵᠢᠯᠯᠠᠵᠤ ᠪᠠᠢᠢᠪᠠ ᠃
ᠥᠩᠭᠡᠷᠡᠭᠰᠡᠨ 4 ᠵᠢᠯ ᠤᠨ ᠬᠤᠭᠤᠴᠠᠭᠠᠨ ᠳᠤ ᠮᠤᠩᠭᠤᠯ ᠪᠥᠬᠡ ᠵᠢᠨ ᠬᠤᠯᠪᠤᠭᠠᠨ ᠪ ᠭᠦᠢᠴᠡᠳᠬᠡᠬᠦ ᠵᠠᠬᠢᠷᠤᠯ ᠂ ᠶᠡᠷᠦᠩᠬᠡᠢ ᠨᠠᠷᠢᠨ ᠪᠢᠴᠢᠭ ᠤᠨ ᠳᠠᠷᠤᠭ᠎ᠠ ᠪᠡᠷ ᠵ᠊·ᠦᠨᠡᠨᠪᠠᠲᠤ ᠠᠵᠢᠯᠯᠠᠵᠤ ᠪᠠᠶᠢᠭᠰᠠᠨ ᠶᠤᠮ᠃