ᠽ·ᠡ‍ᠩᠬᠡᠪᠣᠯᠤᠳ᠄  ᠪᠢ ᠠᠮᠢ ᠪᠠᠨ ᠪᠣᠳᠤᠨ᠎ᠠ | News.MN

ᠽ·ᠡ‍ᠩᠬᠡᠪᠣᠯᠤᠳ᠄  ᠪᠢ ᠠᠮᠢ ᠪᠠᠨ ᠪᠣᠳᠤᠨ᠎ᠠ

ᠶᠡᠷᠦᠩᠬᠡᠢᠢᠯᠡᠭᠴᠢ ᠵᠢᠨ ᠲᠠᠮᠠᠭ᠎ᠠ ᠵᠢᠨ ᠭᠠᠵᠠᠷ ᠤᠨ ᠳᠠᠷᠤᠭ᠎ᠠ ᠽ·ᠡ‍ᠩᠬᠡᠪᠣᠯᠤᠳ ᠥᠨᠦᠳᠦᠷ ᠡ‍ᠭᠦᠷᠭᠡᠲᠦ ᠠᠵᠢᠯ ᠵᠢᠨᠨ ᠬᠦᠯᠢᠶᠡᠯᠭᠡᠨ ᠥᠭᠴᠦ ᠪᠠᠢᠢᠭ᠎ᠠ ᠪᠠᠨ ᠠᠯᠪᠠᠨ ᠶᠤᠰᠣ ᠪᠡᠷ ᠮᠡᠳᠡᠭᠳᠡᠯ᠎ᠡ᠃ ᠲᠡᠷᠡ ᠪᠡᠷ ᠣᠳᠣ ᠪᠡᠷ ᠠᠯᠢ ᠲᠤᠭᠤᠷᠢᠭ ᠲᠤ ᠨᠡᠷ᠎ᠡ ᠳᠡᠪᠰᠢᠬᠦ ᠨᠢ ᠲᠤᠳᠤᠷᠬᠠᠢ ᠦᠭᠡᠢ ᠪᠠᠢᠢᠭ᠎ᠠ ᠴᠦ 2020 ᠣᠨ ᠪ ᠤᠯᠤᠰ ᠤᠨ ᠶᠡᠬᠡ ᠬᠤᠷᠠᠯ ᠤᠨ ᠰᠤᠩᠭᠤᠭᠤᠯᠢ ᠵᠢᠨ ᠠᠵᠢᠯ ᠳ᠋ᠤ ᠪᠠᠨ ᠪᠡᠯᠡᠳᠬᠡᠬᠦ ᠪᠡᠷ ᠪᠣᠯᠵᠠᠢ᠃ ᠶᠡᠷᠦᠩᠬᠡᠢᠢᠯᠡᠭᠴᠢ ᠲᠠᠢ ᠲᠠᠭᠠᠷᠠᠮᠵᠢ ᠦᠭᠡᠢ ᠬᠠᠷᠢᠯᠴᠠᠭ᠎ᠠ ᠲᠠᠢ ᠪᠠᠢᠢᠭ᠎ᠠ ᠤᠴᠢᠷ ᠡᠴᠠ ᠠᠵᠢᠯ ᠵᠢᠨᠨ ᠬᠦᠯᠢᠶᠡᠯᠭᠡᠨ ᠥᠭᠴᠦ ᠪᠠᠢᠢᠭ᠎ᠠ ᠭᠡᠳᠡᠭ ᠨᠢ ᠲᠠᠰᠢᠶ᠎ᠠ ᠮᠡᠳᠡᠭᠡᠯᠡᠯ ᠪᠣᠯᠬᠤ ᠵᠢ ᠲᠡᠷᠡ ᠪᠡᠷ ᠣᠨᠴᠠᠯᠠᠭᠠᠳ ᠂ ᠪᠢ ᠪᠦᠬᠦ ᠬᠥᠮᠦᠨ ᠲᠠᠢ ᠡ‍ᠪ ᠳᠥᠨᠵᠢᠨ ᠰᠠᠢᠢᠨ ᠪᠠᠢᠢᠭ᠎ᠠ ᠭᠡᠰᠡᠨ ᠶᠤᠮ ᠃

︽ᠰᠤᠩᠭᠤᠭᠤᠯᠢ ᠪᠣᠯᠬᠤ ᠭᠡᠳ ᠪᠠᠢᠢᠳᠠᠭ᠂ ᠪᠢ ᠠᠮᠢ ᠪᠠᠨ ᠪᠣᠳᠤᠮᠠᠷ ᠪᠠᠢᠢᠨ᠎ᠠ᠃ ᠡ‍ᠮᠦᠨᠡᠬᠢ ᠰᠤᠩᠭᠤᠭᠤᠯᠢ ᠪᠡᠷ ᠣᠩᠭᠤᠴᠠ ᠪᠡᠷ ᠲᠤᠭᠤᠷᠢᠵᠤ ᠶᠠᠪᠤᠭᠰᠠᠭᠠᠷ ᠪᠠᠢᠢᠭᠠᠳ ᠤᠨᠠᠭᠰᠠᠨ ᠰᠢᠦ ᠳ᠋ᠡ᠃ ᠠᠯᠢ ᠨᠢᠭᠡ ᠲᠤᠭᠤᠷᠢᠭ ᠢ ᠰᠤᠩᠭᠤᠵᠤ ᠣᠴᠢᠭᠠᠳ ᠪᠡᠯᠡᠳᠬᠡᠯ ᠬᠢᠬᠦ ᠭᠡᠳ ᠪᠠᠢᠢᠨ᠎ᠠ᠃ ᠬᠡᠳᠦᠢᠢᠪᠡᠷ ᠪᠢ ᠤᠯᠤᠰ ᠲᠥᠷᠦ ᠵᠢᠨ ᠠᠯᠪᠠᠨ ᠲᠤᠰᠢᠶᠠᠯ ᠵᠢᠨᠨ ᠥᠭᠬᠦ ᠦᠭᠡᠢ ᠪᠡᠷ ᠰᠤᠩᠭᠤᠭᠤᠯᠢ ᠳᠤ ᠨᠡᠷ᠎ᠡ ᠳᠡᠪᠰᠢᠵᠦ ᠪᠣᠯᠬᠤ ᠪᠠᠢᠢᠭᠰᠠᠨ ᠴᠦ ᠨᠠᠳᠠ ᠲᠠᠢ  ᠬᠤᠯᠪᠤᠭ᠎ᠠ ᠲᠠᠢ ᠬᠤᠳᠠᠯ ᠮᠡᠳᠡᠭᠡᠯᠡᠯ ᠭᠠᠷᠤᠭᠠᠳ ᠪᠠᠢᠢᠭ᠎ᠠ ᠤᠴᠢᠷ ᠡᠴᠠ ᠶᠡᠷᠦᠩᠬᠡᠢᠢᠯᠡᠭᠴᠢ ᠨᠠᠮ᠎ᠠ ᠵᠢ ᠰᠤᠩᠭᠤᠭᠤᠯᠢ ᠳ᠋ᠠᠭᠠᠨ ᠪᠡᠯᠡᠳ ᠭᠡᠰᠡᠨ ᠶᠤᠮ᠃ ᠪᠢ ᠡ‍ᠬᠢᠯᠡᠭᠡᠳ ᠬᠤᠪᠢ ᠪᠠᠨ ᠪᠣᠳᠤᠨ᠎ᠠ︾ ᠭᠡᠰᠡᠨ ᠶᠤᠮ ᠃ ᠲᠡᠭᠦᠨ ᠪ ᠠᠵᠢᠯ ᠢ ᠬᠥᠯ ᠪᠥᠮᠪᠥᠭᠡ ᠵᠢᠨ ᠬᠤᠯᠪᠣᠭᠠᠨ ᠪ ᠶᠡᠷᠦᠩᠬᠡᠢ ᠨᠠᠷᠢᠨ ᠪᠢᠴᠢᠭ ᠤᠨ ᠳᠠᠷᠤᠭ᠎ᠠ ᠥ᠊·ᠰᠢᠵᠢᠷ ᠠᠪᠬᠤ ᠪᠡᠷ ᠪᠣᠯᠤᠭᠰᠠᠨ ᠪᠠᠢᠢᠨ᠎ᠠ ᠃

ᠰᠡᠳᠬᠢᠭᠳᠡᠯ ᠦᠯᠡᠳᠡᠭᠡᠬᠦ