ᠳᠡᠯᠡᠬᠡᠢ ᠵᠢᠨ ᠡ‍ᠺᠰᠫᠣᠷᠲ ᠤᠨ ᠬᠥᠭᠵᠢᠯ ᠤᠨ ᠹᠣᠷᠤᠮ ᠵᠤᠬᠢᠶᠠᠨ ᠪᠠᠢᠢᠭᠤᠯᠤᠨ᠎ᠠ | News.MN

  ᠳᠡᠯᠡᠬᠡᠢ ᠵᠢᠨ ᠡ‍ᠺᠰᠫᠣᠷᠲ ᠤᠨ ᠬᠥᠭᠵᠢᠯ ᠤᠨ ᠹᠣᠷᠤᠮ ᠵᠤᠬᠢᠶᠠᠨ ᠪᠠᠢᠢᠭᠤᠯᠤᠨ᠎ᠠ

ᠭᠠᠳᠠᠭᠠᠳᠤ ᠬᠠᠷᠢᠯᠴᠠᠭᠠᠨ ᠪ ᠶᠠᠮᠤᠨ ᠪ ᠲᠥᠷᠦ ᠵᠢᠨ ᠨᠠᠷᠢᠨ ᠪᠢᠴᠢᠭ ᠤᠨ ᠳᠠᠷᠤᠭ᠎ᠠ ᠳ᠋᠊·ᠳᠠᠸᠠᠰᠦ᠋ᠷᠤᠩ ᠡ‍ᠨᠡ ᠰᠠᠷ᠎ᠠ ᠵᠢᠨ 5 – 6᠎ ᠳ᠋ᠦ ᠪᠠᠾᠷᠸᠨ ᠤ ᠨᠡᠢᠢᠰᠯᠡᠯ ᠮᠠᠨᠠᠮᠠ ᠬᠤᠲᠠᠨ᠎ᠠ ᠠᠵᠢᠯᠯᠠᠵᠤ ᠮᠤᠩᠭᠤᠯ ᠂ ᠪᠠᠾᠷᠸᠨ ᠤ ᠭᠠᠳᠠᠭᠠᠳᠤ ᠬᠡᠷᠡᠭ ᠤᠨ ᠶᠠᠮᠤᠳ ᠬᠤᠭᠤᠷᠤᠨᠳᠤ ᠵᠢᠨ ᠠᠩᠬᠠᠳᠤᠭᠠᠷ ᠵᠥᠪᠯᠡᠯᠳᠦᠬᠦ ᠠᠭᠤᠯᠵᠠᠯᠲᠠ ᠵᠢ ᠬᠢᠵᠡᠢ ᠃ ᠡ‍ᠨᠡ ᠦᠶ᠎ᠡ ᠪᠡᠷ ᠵᠢᠨᠨ ᠮᠤᠩᠭᠤᠯ ᠤᠯᠤᠰ ᠤᠨ ᠶᠡᠷᠦᠩᠬᠡᠢᠢᠯᠡᠭᠴᠢ ᠵᠢᠨ ᠢᠪᠡᠭᠡᠯ ᠳᠤᠤᠷ᠎ᠠ ᠢᠷᠡᠬᠦ ᠨᠠᠢᠮᠠᠳᠤᠭᠠᠷ ᠰᠠᠷ᠎ᠠ ᠵᠢᠨ 25 – 26᠎ ᠳ᠋ᠦ ᠳᠡᠯᠡᠬᠡᠢ ᠵᠢᠨ ᠡ‍ᠺᠰᠫᠣᠷᠲ ᠤᠨ ᠬᠥᠭᠵᠢᠯ  ᠤᠨ ᠹᠣᠷᠤᠮ ᠵᠤᠬᠢᠶᠠᠨ ᠪᠠᠢᠢᠭᠤᠯᠬᠤ ᠭᠡᠵᠦ ᠪᠠᠢᠢᠭ᠎ᠠ ᠪᠠᠨ ᠳᠤᠭᠤᠯᠭᠠᠭᠰᠠᠨ ᠪᠠᠢᠢᠨ᠎ᠠ ᠃ ᠮᠥᠨ ᠡ‍ᠨᠡ ᠬᠦ ᠹᠣᠷᠤᠮ ᠳ᠋ᠤ ᠪᠠᠾᠷᠸᠨ ᠤ ᠬᠤᠳᠠᠯᠳᠤᠭ᠎ᠠ ᠠᠵᠤ ᠦᠢᠯᠡᠳᠪᠦᠷᠢ ᠵᠢᠨ ᠲᠠᠩᠬᠢᠮ ᠤᠨ ᠲᠥᠯᠦᠭᠡᠯᠡᠭᠴᠢᠳ ᠢ ᠣᠷᠤᠯᠴᠠᠬᠤ ᠵᠢ ᠤᠷᠢᠵᠠᠢ ᠃

ᠮᠤᠩᠭᠤᠯ ᠤᠯᠤᠰ᠂ ᠪᠠᠾᠷᠸᠨ ᠬᠠᠭᠠᠨᠲᠤ ᠤᠯᠤᠰ ᠬᠤᠭᠤᠷᠤᠨᠳᠤ 1998 ᠣᠨ ᠪ ᠲᠠᠪᠤᠳᠤᠭᠠᠷ ᠰᠠᠷ᠎ᠠ ᠳᠤ ᠳ᠋ᠢᠫᠯᠤᠮᠠᠲ ᠬᠠᠷᠢᠯᠴᠠᠭ᠎ᠠ ᠲᠤᠭᠲᠠᠭᠠᠭᠰᠠᠨ ᠶᠤᠮ ᠪᠠᠢᠢᠨ᠎ᠠ᠃ ᠪᠠᠾᠷᠸᠨ ᠨᠢ ᠴᠢᠯᠦᠭᠡᠲᠦ ᠬᠤᠳᠠᠯᠳᠤᠭᠠᠨ ᠪ ᠪᠦᠰᠡ ᠵᠢ ᠠᠮᠵᠢᠯᠲᠠᠲᠠᠢ ᠬᠥᠭᠵᠢᠭᠦᠯᠦᠭᠰᠡᠨ ᠭᠡᠳᠡᠭ ᠵᠢᠨᠷ ᠵᠢᠨᠨ ᠣᠨᠴᠠᠯᠢᠭ ᠲᠠᠢ ᠤᠯᠤᠰ ᠶᠤᠮ ᠃

ᠰᠡᠳᠬᠢᠭᠳᠡᠯ ᠦᠯᠡᠳᠡᠭᠡᠬᠦ