ᠰᠸᠦ᠋ᠯ ᠬᠤᠲᠠ ᠵᠢᠨ ᠵᠠᠬᠢᠷᠭ᠎ᠠ ᠮᠤᠩᠭᠤᠯ ᠬᠡᠯᠡ ᠪᠠᠷ ᠵᠥᠪᠯᠡᠯᠭᠡ ᠥᠭᠴᠦ  ᠪᠠᠶᠢᠨ᠎ᠠ | News.MN

ᠰᠸᠦ᠋ᠯ ᠬᠤᠲᠠ ᠵᠢᠨ ᠵᠠᠬᠢᠷᠭ᠎ᠠ ᠮᠤᠩᠭᠤᠯ ᠬᠡᠯᠡ ᠪᠠᠷ ᠵᠥᠪᠯᠡᠯᠭᠡ ᠥᠭᠴᠦ  ᠪᠠᠶᠢᠨ᠎ᠠ

ᠡ‍ᠮᠦᠨᠡᠲᠦ ᠰᠤᠯᠤᠩᠭᠤᠰ ᠤᠨ ᠨᠡᠢᠢᠰᠯᠡᠯ ᠰᠸᠦ᠋ᠯ ᠬᠤᠲᠠ ᠵᠢᠨ ᠵᠠᠬᠢᠷᠭ᠎ᠠ ᠺᠣᠷᠤᠨᠠ ᠸᠢᠷᠦ᠋ᠰ ᠦᠨ ᠲᠠᠯ᠎ᠠ ᠪᠡᠷ ᠭᠠᠳᠠᠭᠠᠳᠤ ᠵᠢᠨ 12 ᠬᠡᠯᠡ ᠳᠡᠭᠡᠷ᠎ᠡ ᠵᠥᠪᠯᠡᠯᠭᠡ ᠂ ᠮᠡᠳᠡᠭᠡᠯᠡᠯ ᠂ ᠲᠤᠰᠠᠯᠠᠮᠵᠢ ᠦᠵᠡᠭᠦᠯᠵᠦ ᠡ‍ᠬᠢᠯᠡᠭᠰᠡᠨ ᠵᠢᠨᠨ ᠮᠢᠭᠮᠠᠷ ᠭᠠᠷᠠᠭ ᠲᠤ ᠵᠠᠷᠯᠠᠵᠠᠢ ᠃ ᠲᠡᠳᠡᠭᠡᠷ ᠬᠡᠯᠡᠨ ᠳ᠋ᠦ ᠮᠤᠩᠭᠤᠯ ᠬᠡᠯᠡᠨ ᠡ‍ᠴᠡ ᠭᠠᠳᠠᠨ᠎ᠠ ᠬᠢᠲᠠᠳ᠂ ᠠᠩᠭᠯᠢ ᠂ ᠶᠠᠫᠤᠨ᠂ ᠲᠠᠶᠢᠯᠠᠨᠳ᠋᠂ ᠢᠨᠳᠤᠨᠢᠰᠢᠶ᠎ᠠ᠂ ᠠᠷᠠᠪ᠂ ᠸᠢᠶᠧᠲ᠋ᠨᠠᠮ ᠂ ᠹᠢᠯᠢᠫᠢᠨ᠂ ᠦᠽᠪᠸᠺ ᠵᠡᠷᠭᠡ ᠬᠡᠯᠡ ᠨᠦᠭᠥᠳ ᠪᠠᠭᠲᠠᠭᠰᠠᠨ ᠪᠠᠢᠢᠨ᠎ᠠ᠃ ᠲᠤᠰᠬᠠᠢ ᠳ᠋ᠤᠭᠠᠷ ︵02 – 2229 – 4900 ︶ ᠲᠤ ᠵᠠᠯᠭᠠᠵᠤ᠂ ᠳᠡᠭᠡᠷᠡᠬᠢ ᠬᠡᠯᠡ ᠨᠦᠭᠥᠳ ᠡ‍ᠴᠡ ᠰᠤᠩᠭᠤᠯᠲᠠ ᠬᠢᠵᠦ ᠂ ᠮᠡᠳᠡᠭᠡᠯᠡᠯ  ᠵᠥᠪᠯᠡᠯᠭᠡ ᠠᠪᠬᠤ ᠪᠣᠯᠤᠮᠵᠢᠲᠠᠢ ᠭᠡᠨ᠎ᠡ ᠃ ᠡ‍ᠭᠦᠨ ᠡ‍ᠴᠡ ᠭᠠᠳᠠᠨ᠎ᠠ ᠰᠸᠦ᠋ᠯ ᠬᠤᠲᠠ ᠵᠢᠨ ᠵᠠᠬᠢᠷᠭᠠᠨ ᠡᠴᠠ ᠲᠤᠮᠢᠯᠠᠭᠳᠠᠭᠰᠠᠨ ᠣᠷᠴᠢᠭᠤᠯᠤᠭᠴᠢ ᠭᠠᠳᠠᠭᠠᠳᠤ ᠵᠢᠨ ᠢᠷᠭᠡᠨ ᠢ ᠳᠠᠭᠠᠵᠤ ᠂ ᠡ‍ᠮᠨᠡᠯᠭᠡ ᠳ᠋ᠦ ᠦᠵᠡᠭᠦᠯᠬᠦ ᠳ᠋ᠦ ᠨᠢ ᠲᠤᠰᠠᠯᠠᠬᠤ ᠪᠡᠷ ᠪᠣᠯᠵᠠᠢ᠃

ᠬᠠᠤᠯᠢ ᠪᠤᠰᠤ ᠪᠡᠷ ᠠᠮᠢᠳᠤᠷᠠᠵᠤ ᠪᠠᠢᠢᠭ᠎ᠠ ᠭᠠᠳᠠᠭᠠᠳᠤ ᠵᠢᠨ ᠢᠷᠭᠡᠳ ᠴᠦ ᠡ‍ᠨᠡ ᠬᠦ ᠲᠤᠰᠠᠯᠠᠮᠵᠢ ᠦᠢᠯᠡᠴᠢᠯᠡᠭᠡ ᠵᠢ ᠶᠠᠮᠠᠷ ᠨᠢᠭᠡ ᠠᠢᠢᠳᠠᠰ ᠦᠭᠡᠢ ᠪᠡᠷ ᠠᠪᠴᠤ ᠪᠣᠯᠬᠤ ᠭᠡᠨ᠎ᠡ ᠃ ᠣᠷᠴᠢᠭᠤᠯᠤᠭᠴᠢ ᠨᠠᠷ ᠬᠠᠤᠯᠢ ᠪᠤᠰᠤ ᠪᠡᠷ ᠠᠮᠢᠳᠤᠷᠠᠵᠤ ᠪᠤᠢ ᠢᠷᠭᠡᠳ ᠤᠨ ᠲᠤᠬᠠᠢ ᠮᠡᠳᠡᠭᠡᠯᠡᠯ ᠢ ᠴᠠᠭᠠᠴᠢᠯᠠᠯ ᠤᠨ ᠠᠯᠪᠠᠨ ᠳᠤ ᠥᠭᠬᠦ ᠦᠭᠡᠢ ᠪᠠᠢᠢᠬᠤ ᠡ‍ᠭᠦᠷᠭᠡ ᠬᠦᠯᠢᠶᠡᠵᠡᠢ ᠃

ᠰᠡᠳᠬᠢᠭᠳᠡᠯ ᠦᠯᠡᠳᠡᠭᠡᠬᠦ