ᠰᠡᠯᠡᠩᠭᠡ  ᠶᠢᠨ ᠲᠥᠷᠦ ᠵᠢᠨ ᠠᠯᠪᠠᠨ ᠬᠠᠭᠠᠭᠴᠢᠳ ᠡ‍ᠮᠭᠡᠨᠢᠯ ᠢᠯᠡᠷᠬᠡᠢᠢᠯᠡᠯ᠎ᠡ | News.MN

ᠰᠡᠯᠡᠩᠭᠡ  ᠶᠢᠨ ᠲᠥᠷᠦ ᠵᠢᠨ ᠠᠯᠪᠠᠨ ᠬᠠᠭᠠᠭᠴᠢᠳ ᠡ‍ᠮᠭᠡᠨᠢᠯ ᠢᠯᠡᠷᠬᠡᠢᠢᠯᠡᠯ᠎ᠡ

 

ᠴᠡᠴᠡᠷᠯᠢᠭ ᠂ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠵᠢᠨ ᠦᠢᠯᠡ ᠠᠵᠢᠯᠯᠠᠭ᠎ᠠ ᠵᠢ ᠲᠦᠷ ᠵᠤᠭᠰᠤᠭᠠᠭᠰᠠᠨ ᠡ‍ᠨᠡ ᠴᠠᠭ ᠦᠶ᠎ᠡ ᠳ᠋ᠦ ᠬᠡᠦᠬᠡᠳ ᠭᠡᠷ ᠲᠤ ᠪᠠᠨ ᠠᠰᠠᠷᠠᠨ ᠬᠠᠮᠠᠭᠠᠯᠠᠭᠴᠢ ᠦᠭᠡᠢ ᠦᠯᠡᠳᠡᠬᠦ ᠲᠤᠬᠢᠶᠠᠯᠳᠤᠯ ᠶᠡᠬᠡ ᠪᠠᠢᠢᠭ᠎ᠠ ᠲᠤᠯᠠ ᠪᠠᠭ᠎ᠠ ᠨᠠᠰᠤᠨ ᠪ ᠬᠡᠦᠬᠡᠳ ᠢ ᠪᠣᠯᠵᠤᠰᠢ ᠦᠭᠡᠢ ᠡ‍ᠷᠡᠰᠳᠡᠯ ᠡ‍ᠴᠡ ᠤᠷᠢᠳᠴᠢᠯᠠᠨ ᠰᠡᠷᠭᠡᠢᠢᠯᠡᠵᠦ ᠂ ᠬᠠᠷᠠᠭ᠎ᠠ ᠬᠢᠨᠠᠯᠲᠠ ᠪᠠᠨ ᠨᠡᠮᠡᠭᠳᠡᠭᠦᠯᠬᠦ ᠵᠢ ᠡ‍ᠴᠢᠭᠡ ᠡ‍ᠬᠡᠴᠦᠳ ᠲᠤ ᠪᠠᠨ ᠰᠡᠯᠡᠩᠭᠡ ᠠᠢᠢᠮᠠᠭ ᠤᠨ ᠢᠷᠭᠡᠳ ᠤᠨ ᠲᠥᠯᠦᠭᠡᠯᠡᠭᠴᠢᠳ ᠤᠨ ᠬᠤᠷᠠᠯ ᠂ ᠵᠠᠰᠠᠭ ᠳᠠᠷᠤᠭ᠎ᠠ ᠂ ᠵᠠᠰᠠᠭ ᠳᠠᠷᠤᠭ᠎ᠠ ᠵᠢᠨ ᠲᠠᠮᠠᠭ᠎ᠠ ᠵᠢᠨ ᠭᠠᠵᠠᠷ ᠡᠴᠠ ᠤᠷᠢᠶᠠᠯᠠᠵᠤ ᠪᠠᠢᠢᠨ᠎ᠠ ᠃

ᠳᠠᠷᠬᠠᠨ ᠠᠭᠤᠯᠠ ᠠᠢᠢᠮᠠᠭ ᠲᠤ ᠠᠵᠢᠯᠯᠠᠵᠤ ᠠᠮᠢᠳᠤᠷᠠᠵᠤ ᠪᠠᠢᠢᠭ᠎ᠠ ᠰᠡᠯᠡᠩᠭᠡ ᠠᠢᠢᠮᠠᠭ ᠤᠨ ᠵᠡᠭᠦᠨᠪᠦ᠋ᠷᠢᠨ ᠰᠤᠮᠤ ᠵᠢᠨ ᠤᠤᠭᠠᠯ ᠨ᠊·ᠠᠯᠲᠠᠨᠵᠤᠯᠠ ᠶᠢᠨ ᠪᠠᠭ᠎ᠠ ᠨᠠᠰᠤᠨ ᠪ ᠭᠤᠷᠪᠠᠨ ᠬᠡᠦᠬᠡᠳ 2020 ᠣᠨ ᠪ 02 ᠳ᠋ᠤᠭᠠᠷ ᠰᠠᠷ᠎ᠠ ᠵᠢᠨ 05 ᠪ ᠡ‍ᠳᠦᠷ ᠬᠠᠷᠠᠭᠠᠯᠵᠠᠬᠤ ᠬᠥᠮᠦᠨ ᠦᠭᠡᠢ ᠪᠡᠷ ᠭᠡᠷ ᠲᠤ ᠪᠠᠨ ᠦᠯᠡᠳᠡᠭᠰᠡᠨ ᠡ‍ᠴᠡ ᠡ‍ᠭᠦᠳᠦᠨ ᠬᠠᠷᠠᠮᠰᠠᠯᠲᠠᠢ ᠪᠠᠷ ᠡ‍ᠨᠳᠡᠵᠦ ᠭᠡᠷ ᠪᠦᠯᠢ ᠳ᠋ᠦ ᠨᠢ ᠨᠥᠬᠥᠵᠦ ᠪᠠᠷᠠᠰᠢ ᠦᠭᠡᠢ ᠬᠦᠨᠳᠦ ᠭᠠᠷᠤᠵᠠ ᠲᠤᠬᠢᠶᠠᠭᠠᠳ ᠪᠠᠢᠢᠨ᠎ᠠ ᠃ ᠠᠮᠢ ᠨᠠᠰᠤ ᠪᠠᠨ ᠠᠯᠳᠠᠭᠰᠠᠨ 3 ᠥᠬᠢᠨ ᠪ ᠡ‍ᠴᠢᠭᠡ ᠡ‍ᠬᠡ ᠂ ᠡ‍ᠪᠦᠭᠡ ᠡ‍ᠮᠡᠭᠡ ᠂ ᠭᠡᠷ ᠪᠦᠯᠢ ᠲᠥᠷᠦᠯ ᠲᠥᠷᠦᠭᠰᠡᠳ ᠲᠦ ᠰᠡᠯᠡᠩᠭᠡ ᠠᠢᠢᠮᠠᠭ ᠤᠨ ᠢᠷᠭᠡᠳ ᠤᠨ ᠲᠥᠯᠦᠭᠡᠯᠡᠭᠴᠢᠳ ᠤᠨ ᠬᠤᠷᠠᠯ ᠂ ᠵᠠᠰᠠᠭ ᠳᠠᠷᠤᠭ᠎ᠠ ᠂ ᠵᠠᠰᠠᠭ ᠳᠠᠷᠤᠭ᠎ᠠ ᠵᠢᠨ ᠲᠠᠮᠠᠭ᠎ᠠ ᠵᠢᠨ ᠭᠠᠵᠠᠷ ᠤᠨ ᠠᠵᠢᠯᠲᠠᠨ ᠠᠯᠪᠠᠨ ᠬᠠᠭᠠᠭᠴᠢᠳ  ᠭᠦᠨ ᠡ‍ᠮᠭᠡᠨᠢᠯ ᠢᠯᠡᠷᠬᠡᠢᠢᠯᠡᠶ᠎ᠡ ᠃

 

ᠰᠡᠳᠬᠢᠭᠳᠡᠯ ᠦᠯᠡᠳᠡᠭᠡᠬᠦ