︽ ᠡᠷᠳᠡᠨᠢᠲᠦ ᠱᠤᠲᠫ ︾ ᠭᠠᠩᠨᠠᠭᠤᠷ ᠤᠨ ᠡᠯᠸᠺᠲ᠋ᠷᠤᠳ᠋ ᠤᠨ ᠦᠢᠯᠡᠳᠪᠦᠷᠢ ᠪᠡᠨ 2017 ᠣᠨ ᠳᠤ ᠪᠠᠢᠢᠭᠤᠯᠵᠤ 2018 ᠂ 2019 ᠣᠨ ᠳᠤ ᠨᠡᠢᠢᠲᠡ 111 ᠲᠤᠨ ᠡᠯᠸᠺᠲ᠋ᠷᠤᠳ᠋ ᠦᠢᠯᠡᠳᠪᠦᠷᠢᠯᠡᠵᠡᠢ ᠃ ᠥᠩᠭᠡᠷᠡᠭᠰᠡᠨ ᠣᠨ ᠳᠤ ᠦᠢᠯᠡᠳᠪᠦᠷᠢᠯᠡᠭᠰᠡᠨ 60 ᠲᠤᠨ ᠡᠯᠸᠺᠲ᠋ᠷᠤᠳ᠋ ᠢᠶᠠᠨ ᠡᠷᠳᠡᠨᠢᠲᠦ ᠦᠢᠯᠡᠳᠪᠦᠷᠢ᠂ ︽ᠤᠷ᠎ᠠ ᠮᠧᠲ᠋ᠠᠯ︾ ᠺᠣᠮᠫᠠᠨᠢ ᠪᠣᠯᠤᠨ ᠪᠠᠷᠢᠯᠭ᠎ᠠ ᠵᠢᠨ ᠳᠡᠯᠭᠡᠭᠦᠷ ᠤᠳ ᠲᠦ ᠨᠡᠢᠢᠯᠡᠭᠦᠯᠦᠭᠰᠡᠨ ᠪᠠᠢᠢᠨ᠎ᠠ ᠃ ᠣᠷᠤᠨ ᠨᠤᠲᠤᠭ ᠵᠢᠨᠨ ᠰᠢᠨᠵᠢᠯᠡᠬᠦ ᠤᠬᠠᠭᠠᠨ ᠪ ᠲᠤᠭᠠᠴᠠᠭ᠎ᠠ ᠂ ᠰᠤᠳᠤᠯᠭᠠᠨ ᠳᠤ ᠦᠨᠳᠦᠰᠦᠯᠡᠨ ᠬᠥᠭᠵᠢᠭᠦᠯᠬᠦ ᠂ ᠢᠨᠨᠤᠸᠠᠼ ᠨᠡᠪᠲᠡᠷᠡᠭᠦᠯᠬᠦ ᠵᠤᠷᠢᠯᠭ᠎ᠠ ᠪᠡᠷ ᠪᠠᠢᠢᠭᠤᠯᠤᠭᠰᠠᠨ ᠲᠤᠰ ᠫᠠᠷᠺ ᠳᠥᠷᠪᠡᠨ ᠵᠢᠯ ᠤᠨ ᠬᠤᠭᠤᠴᠠᠭᠠᠨ ᠳᠤ ᠭᠠᠩᠨᠠᠭᠤᠷ ᠤᠨ ᠡᠯᠸᠺᠲ᠋ᠷᠤᠳ᠋ ᠂ ᠪᠤᠳᠤᠭ ᠤᠨ ᠦᠢᠯᠡᠳᠪᠦᠷᠢ ᠪᠣᠯᠤᠨ ᠳᠥᠷᠪᠡᠨ ᠤᠯᠠᠷᠢᠯ ᠤᠨ ᠬᠦᠯᠡᠮᠵᠢ ᠪᠠᠢᠢᠭᠤᠯᠵᠠᠢ ᠃
ᠥᠩᠭᠡᠷᠡᠭᠰᠡᠨ ᠣᠨ ᠪ 12 ᠳ᠋ᠤᠭᠠᠷ ᠰᠠᠷ᠎ᠠ ᠵᠢᠨ 11 ᠳ᠋ᠦ ᠨᠡᠭᠡᠭᠡᠯᠲᠡ ᠪᠡᠨ ᠬᠢᠭᠰᠡᠨ ᠪᠤᠳᠤᠭ ᠤᠨ ᠦᠢᠯᠡᠳᠪᠦᠷᠢ 278 ᠺᠢᠯᠦᠭᠷᠡᠮ ᠪᠤᠳᠤᠭ ᠢ ᠵᠠᠬ᠎ᠠ ᠵᠡᠭᠡᠯᠢ ᠳ᠋ᠦ ᠨᠡᠢᠢᠯᠡᠭᠦᠯᠦᠭᠡᠳ ᠪᠠᠢᠢᠨ᠎ᠠ ᠃ ᠮᠤᠩᠭᠤᠯ ᠤᠯᠤᠰ
ᠲᠤ ᠠᠩᠬ᠎ᠠ ᠤᠳᠠᠭ᠎ᠠ ᠪᠠᠢᠢᠭᠤᠯᠤᠭᠰᠠᠨ ᠲᠤᠰ ᠪᠤᠳᠤᠭ ᠤᠨ ᠦᠢᠯᠡᠳᠪᠦᠷᠢ ᠬᠤᠨᠤᠭ ᠲᠤ ᠭᠤᠷᠪᠠ ᠂ ᠰᠠᠷ᠎ᠠ ᠳᠤ 90 ᠲᠤᠨ ᠪᠤᠶᠤ 30 ᠭᠠᠷᠤᠢ ᠥᠩᠭᠡ ᠵᠢᠨ ᠪᠤᠳᠤᠭ ᠦᠢᠯᠡᠳᠪᠦᠷᠢᠯᠡᠬᠦ ᠬᠦᠴᠦᠨ ᠴᠢᠳᠠᠯ ᠲᠠᠢ ᠃ ᠨᠤᠢᠢᠲᠠᠨ ᠭᠠᠳᠠᠷᠭᠤ ᠂ ᠴᠢᠭᠢᠭ ᠲᠠᠢ ᠣᠷᠴᠢᠨ ᠳᠤ ᠲᠤᠭᠲᠠᠴᠠ ᠰᠠᠢᠢᠲᠠᠢ ᠂ ᠦᠨᠦᠷ ᠦᠭᠡᠢ ᠂ ᠤᠰᠤᠨ ᠰᠠᠭᠤᠷᠢ ᠲᠠᠢ ᠪᠤᠳᠤᠭ ᠭᠡᠳᠡᠭ ᠵᠢᠨᠷ ᠵᠢᠨᠨ ᠣᠨᠴᠠᠯᠠᠭ ᠶᠤᠮ ᠃