︽ ᠴᠢᠩᠭᠢᠰ ᠬᠠᠭᠠᠨ ᠄  ᠳᠤᠮᠤᠭ ᠢ ᠠᠮᠢᠯᠠᠭᠤᠯᠬᠤ ᠨᠢ︾ ᠦᠵᠡᠰᠬᠦᠯᠡᠩ ᠢ ᠨᠡᠭᠡᠭᠡᠪᠡ | News.MN

 ︽ ᠴᠢᠩᠭᠢᠰ ᠬᠠᠭᠠᠨ ᠄  ᠳᠤᠮᠤᠭ ᠢ ᠠᠮᠢᠯᠠᠭᠤᠯᠬᠤ ᠨᠢ︾ ᠦᠵᠡᠰᠬᠦᠯᠡᠩ ᠢ ᠨᠡᠭᠡᠭᠡᠪᠡ

 

ᠠᠮᠧᠷᠢᠺᠠ ᠵᠢᠨ ᠮᠢᠰᠰᠤᠷᠢ ᠮᠤᠵᠢ ᠵᠢᠨ ᠺᠠᠨᠰᠠᠰ ᠬᠤᠲᠠ ᠳᠤ ᠪᠠᠢᠢᠷᠢᠯᠠᠳᠠᠭ Union Station  ᠮᠦᠽᠧᠢ ᠳ᠋ᠦ ︽ᠴᠢᠩᠭᠢᠰ ᠬᠠᠭᠠᠨ ᠄ ᠳᠤᠮᠤᠭ ᠢ ᠠᠮᠢᠯᠠᠭᠤᠯᠬᠤ ᠨᠢ︾ ᠨᠡᠷ᠎ᠡ ᠲᠠᠢ ᠦᠵᠡᠰᠬᠦᠯᠡᠩ ᠨᠡᠭᠡᠭᠡᠭᠳᠡᠯ᠎ᠡ ᠃ ᠦᠵᠡᠰᠬᠦᠯᠡᠩ ᠢ ᠬᠤᠶᠠᠳᠤᠭᠠᠷ ᠰᠠᠷ᠎ᠠ ᠵᠢᠨ 3᠎ ᠡᠴᠠ ᠳᠥᠷᠪᠡᠳᠦᠭᠡᠷ ᠰᠠᠷ᠎ᠠ ᠵᠢᠨ 26 ᠬᠦᠷᠲᠡᠯ᠎ᠡ ᠭᠠᠷᠭᠠᠬᠤ ᠶᠤᠮ ᠪᠠᠢᠢᠨ᠎ᠠ ᠃

ᠦᠵᠡᠰᠬᠦᠯᠡᠩ ᠳ᠋ᠦ ᠠᠷᠪᠠᠨ ᠭᠤᠷᠪᠠᠳᠤᠭᠠᠷ ᠵᠠᠭᠤᠨ ᠪ ᠦᠶ᠎ᠡ ᠳ᠋ᠦ ᠮᠤᠩᠭᠤᠯᠴᠤᠳ ᠤᠨ ᠬᠡᠷᠡᠭᠯᠡᠵᠦ ᠪᠠᠢᠢᠭᠰᠠᠨ ᠵᠡᠷ ᠵᠡᠪᠰᠡᠭ ᠂ ᠬᠥᠭᠵᠢᠮ ᠤᠨ ᠵᠢᠮᠰᠡᠭ ᠂ ᠦᠨᠡᠲᠦ ᠡ‍ᠳᠯᠡᠯ ᠂ ᠰᠢᠪᠠᠷ ᠡᠳ᠋ᠯᠡᠯ ᠂ ᠬᠤᠪᠢᠯᠠᠢ ᠬᠠᠭᠠᠨ ᠪ ᠦᠶ᠎ᠡ ᠳ᠋ᠦ ᠠᠰᠢᠭᠯᠠᠵᠤ ᠪᠠᠢᠢᠭᠰᠠᠨ ᠮᠧᠲ᠋ᠠᠯ ᠫᠠᠢᠢᠰᠠ ᠵᠡᠷᠭᠡ ᠨᠡᠢᠢᠲᠡ 200 ᠭᠠᠷᠤᠢ ᠨᠡᠩ ᠬᠤᠪᠣᠷ ᠡ‍ᠳ᠋ ᠵᠦᠢᠯᠡᠰ ᠳᠡᠯᠭᠡᠭᠰᠡᠨ ᠪᠠᠢᠢᠨ᠎ᠠ ᠃ ᠲᠤᠰ ᠦᠵᠡᠰᠬᠦᠯᠡᠩ ᠢ ᠮᠤᠩᠭᠤᠯ ᠤᠨ ᠵᠢᠨᠨ ᠲᠡᠦᠬᠡ ᠰᠤᠶᠤᠯ ᠢ 10 ᠵᠢᠯ ᠤᠨ ᠲᠤᠷᠰᠢ ᠭᠠᠳᠠᠭᠠᠳᠤ ᠳᠦ ᠰᠤᠷᠲᠠᠯᠴᠢᠯᠠᠵᠤ ᠶᠠᠪᠤᠭ᠎ᠠ ᠲᠡᠦᠬᠡᠴᠢ ᠂ ᠰᠤᠶᠤᠯ ᠰᠤᠳᠤᠯᠤᠭᠠᠴᠢ ᠨ᠊·ᠭᠠᠩᠬᠤᠶᠠᠭ ᠰᠠᠨᠠᠭᠠᠴᠢᠯᠠᠨ ᠭᠠᠷᠭᠠᠭᠰᠠᠨ ᠪᠠᠢᠢᠨ᠎ᠠ ᠃

ᠰᠡᠳᠬᠢᠭᠳᠡᠯ ᠦᠯᠡᠳᠡᠭᠡᠬᠦ