ᠮᠤᠩᠭᠤᠯ ᠤᠨ 3x3 ᠪᠠᠭ ᠨᠥᠬᠥᠷᠰᠡᠭ ᠲᠡᠮᠡᠴᠡᠭᠡᠨ ᠳ᠋ᠦ ᠣᠷᠤᠨ᠎ᠠ | News.MN

ᠮᠤᠩᠭᠤᠯ ᠤᠨ 3×3 ᠪᠠᠭ ᠨᠥᠬᠥᠷᠰᠡᠭ ᠲᠡᠮᠡᠴᠡᠭᠡᠨ ᠳ᠋ᠦ ᠣᠷᠤᠨ᠎ᠠ

ᠰᠠᠭᠰᠤᠨ ᠪᠥᠮᠪᠥᠭᠡ ᠵᠢᠨ 3×3 ᠲᠥᠷᠦᠯ ᠤᠨ ᠣᠯᠢᠮᠫᠢᠺ ᠤᠨ ᠡ‍ᠷᠬᠡ ᠠᠪᠬᠤ ᠵᠢᠨ ᠲᠥᠯᠦᠭᠡ ᠪᠡᠯᠡᠳᠬᠡᠵᠦ ᠪᠤᠢ ᠰᠢᠯᠢᠳᠡᠭ ᠵᠢᠷᠭᠤᠭᠠᠨ ᠪᠠᠭ ᠤᠨ ᠲᠡᠮᠡᠴᠡᠭᠡᠨ ᠡ‍ᠨᠡ ᠰᠠᠷ᠎ᠠ ᠵᠢᠨ ᠡ‍ᠬᠢ ᠪᠡᠷ ᠰᠸᠷᠪᠢᠶ᠎ᠡ ᠤᠯᠤᠰ ᠲᠤ ᠪᠣᠯᠤᠭᠰᠠᠨ ᠲᠠᠯ᠎ᠠ ᠪᠡᠷ ᠪᠢᠳᠠ ᠡ‍ᠮᠦᠨ᠎ᠡ ᠨᠢ ᠮᠡᠳᠡᠭᠡᠯᠡᠭᠰᠡᠨ ᠃ ᠲᠤᠰ ᠲᠡᠮᠡᠴᠡᠭᠡᠨ ᠳ᠋ᠦ ᠮᠤᠩᠭᠤᠯ ᠤᠨ ᠪᠠᠭ ᠤᠨ ᠪᠦᠷᠢᠯᠳᠦᠬᠦᠨ ᠳ᠋ᠦ ᠳ᠋᠊·ᠳᠡᠯᠭᠡᠷᠨᠢᠮ᠎ᠠ ᠂ ᠡ‍᠊·ᠴᠡᠷᠡᠨᠪᠠᠭᠠᠲᠤᠷ ᠂ ᠠ᠊·ᠠᠨᠠᠨᠳᠠ ᠂ ᠠ᠊·ᠭᠠᠩᠰᠦ᠋ᠬᠡ ᠨᠠᠷ ᠲᠤᠭᠯᠠᠵᠤ ᠂ ᠭ᠊·ᠴᠡᠩᠭᠡᠭᠦᠨᠪᠠᠶᠠᠷ ᠂ ᠡ‍᠊·ᠳᠦᠯᠭᠡᠨ ᠨᠠᠷ ᠥᠨᠵᠢᠭᠡᠳ ᠪᠠᠢᠢᠭᠰᠠᠨ ᠶᠤᠮ ᠃ ᠲᠡᠭᠡᠪᠡᠯ ᠣᠯᠢᠮᠫᠢᠺ ᠲᠤ ᠪᠡᠯᠡᠳᠬᠡᠵᠦ ᠪᠤᠢ ᠰᠢᠯᠢᠳᠡᠭ ᠪᠠᠭ ᠤᠳ ᠤᠨ ᠣᠯᠠᠨ ᠤᠯᠤᠰ ᠤᠨ ᠨᠥᠬᠥᠷᠰᠡᠭ ᠲᠡᠮᠡᠴᠡᠭᠡᠨ ᠡ‍ᠨᠡ ᠰᠠᠷ᠎ᠠ ᠵᠢᠨ 8 – 9᠎ ᠳ᠋ᠦ ᠰᠯᠤᠸ᠋ᠸᠨᠢᠶ᠎ᠠ ᠳᠦ ᠪᠣᠯᠤᠨ᠎ᠠ᠃ ᠲᠤᠰ ᠲᠡᠮᠡᠴᠡᠭᠡᠨ ᠳ᠋ᠦ ᠡ‍᠊·ᠳᠦᠯᠭᠡᠨ ᠂ ᠭ᠊·ᠴᠡᠩᠭᠡᠭᠦᠨᠪᠠᠶᠠᠷ᠂ ᠠ᠊·ᠭᠠᠩᠰᠦ᠋ᠬᠡ ᠂ ᠳ᠋᠊·ᠳᠡᠯᠭᠡᠷᠨᠢᠮ᠎ᠠ ᠨᠠᠷ ᠲᠤᠭᠯᠠᠬᠤ ᠶᠤᠮ ᠪᠠᠢᠢᠨ᠎ᠠ ᠃

 

ᠰᠡᠳᠬᠢᠭᠳᠡᠯ ᠦᠯᠡᠳᠡᠭᠡᠬᠦ