ᠠᠮᠧᠷᠢᠺᠠ ᠵᠢᠨ ᠡ‍ᠯᠴᠢᠨ ᠢ ᠬᠦᠯᠢᠶᠡᠨ ᠠᠪᠴᠤ ᠠᠭᠤᠯᠵᠠᠪᠠ | News.MN

ᠠᠮᠧᠷᠢᠺᠠ ᠵᠢᠨ ᠡ‍ᠯᠴᠢᠨ ᠢ ᠬᠦᠯᠢᠶᠡᠨ ᠠᠪᠴᠤ ᠠᠭᠤᠯᠵᠠᠪᠠ

 

ᠭᠠᠳᠠᠭᠠᠳᠤ ᠬᠠᠷᠢᠯᠴᠠᠭᠠᠨ ᠪ ᠰᠠᠢᠢᠳ ᠳ᠋᠊·ᠴᠤᠭᠲᠤᠪᠠᠭᠠᠲᠤᠷ ᠠᠮᠧᠷᠢᠺᠠ ᠡᠴᠠ ᠮᠤᠩᠭᠤᠯ ᠳᠤ ᠰᠠᠭᠤᠭ᠎ᠠ ᠡ‍ᠯᠴᠢᠨ ᠰᠠᠢᠢᠳ ᠮ᠊ ·ᠺᠯᠸᠴᠸᠰᠺ ᠢ ᠬᠦᠯᠢᠶᠡᠨ ᠠᠪᠴᠤ ᠠᠭᠤᠯᠵᠠᠪᠠ ᠃ ᠠᠭᠤᠯᠵᠠᠯᠲᠠ ᠵᠢᠨ ᠦᠶ᠎ᠡ ᠪᠡᠷ  ᠬᠤᠶᠠᠷ ᠲᠠᠯ᠎ᠠ ᠮᠤᠩᠭᠤᠯ ᠠᠮᠧᠷᠢᠺᠠ ᠵᠢᠨ ᠤᠯᠤᠰ ᠲᠥᠷᠦ ᠂ ᠡ‍ᠳ᠋ ᠤᠨ ᠵᠠᠰᠠᠭ ᠤᠨ ᠬᠠᠮᠲᠤ ᠵᠢᠨ ᠠᠵᠢᠯᠯᠠᠭ᠎ᠠ ᠵᠢ ᠥᠷᠭᠡᠵᠢᠭᠦᠯᠬᠦ ᠂ ᠰᠠᠶ᠋ᠢᠬᠠᠨ ᠸᠠᠰᠢᠩᠲ᠋ᠤᠨ ᠬᠤᠲᠠᠨ᠎ᠠ ᠪᠣᠯᠤᠭᠰᠠᠨ ᠮᠤᠩᠭᠤᠯ ᠠᠮᠧᠷᠢᠺᠠ ᠂ ᠶᠠᠫᠤᠨ ᠪ ᠭᠤᠷᠪᠠᠨ ᠲᠠᠯᠠᠲᠤ ᠠᠭᠤᠯᠵᠠᠯᠲᠠ ᠵᠢᠨ ᠳ᠋ᠦᠩ ᠂ 2020 ᠣᠨ ᠳᠤ ᠲᠥᠯᠦᠪᠯᠡᠭᠰᠡᠨ ᠠᠢᠢᠯᠴᠢᠯᠠᠯ᠂ ᠠᠷᠭ᠎ᠠ ᠬᠡᠮᠵᠢᠶ᠎ᠡ ᠪᠣᠯᠤᠨ ᠬᠤᠶᠠᠷ ᠲᠠᠯ᠎ᠠ ᠵᠢᠨ ᠬᠤᠳᠠᠯᠳᠤᠭ᠎ᠠ ᠵᠢ ᠨᠡᠮᠡᠭᠳᠡᠭᠦᠯᠬᠦ ᠪᠣᠯᠤᠮᠵᠢ ᠵᠢᠨ ᠲᠠᠯ᠎ᠠ ᠪᠡᠷ ᠰᠠᠨᠠᠯ ᠰᠤᠯᠢᠯᠴᠠᠯ᠎ᠠ ᠃

ᠮᠥᠨ ᠰᠢᠨ᠎ᠡ ᠺᠣᠷᠤᠨᠠ ᠸᠢᠷᠦ᠋ᠰ ᠦᠨ ᠲᠠᠷᠬᠠᠯᠲᠠ ᠲᠠᠢ ᠬᠤᠯᠪᠣᠭᠳᠠᠭᠤᠯᠤᠨ ᠮᠤᠩᠭᠤᠯ ᠤᠨ ᠲᠠᠯ᠎ᠠ ᠡᠴᠠ ᠠᠪᠴᠤ ᠬᠡᠷᠡᠭᠵᠢᠭᠦᠯᠵᠦ ᠪᠤᠢ ᠠᠷᠭ᠎ᠠ ᠬᠡᠮᠵᠢᠶᠡᠨ ᠪ ᠲᠠᠯ᠎ᠠ ᠪᠡᠷ ᠮᠡᠳᠡᠭᠡᠯᠡᠯ ᠰᠤᠯᠢᠯᠴᠠᠵᠤ ᠂ ᠤᠷᠢᠳᠴᠢᠯᠠᠨ ᠰᠡᠷᠭᠡᠢᠢᠯᠡᠬᠦ ᠴᠢᠭᠯᠡᠯ ᠵᠢᠨᠷ ᠬᠠᠮᠲᠤᠷᠠᠨ ᠠᠵᠢᠯᠯᠠᠬᠤ ᠪᠣᠯᠤᠮᠵᠢ ᠵᠢᠨ ᠲᠠᠯ᠎ᠠ ᠪᠡᠷ ᠶᠠᠷᠢᠯᠴᠠᠭᠰᠠᠨ ᠪᠠᠢᠢᠨ᠎ᠠ ᠃

ᠰᠡᠳᠬᠢᠭᠳᠡᠯ ᠦᠯᠡᠳᠡᠭᠡᠬᠦ