ᠬ᠊·ᠠᠯᠲᠠᠨᠭᠡᠷᠡᠯ ᠤᠨ ᠪᠦᠲᠦᠭᠡᠯ  ᠡᠸᠦ᠋ᠷᠦᠫᠡ  ᠠᠽᠢ ᠶᠢᠨ ᠬᠥᠭᠵᠢᠮ ᠤᠨ ᠨᠠᠭᠠᠳᠤᠮ  ᠳᠤ ᠡ‍ᠭᠡᠰᠢᠭᠯᠡᠨ᠎ᠡ | News.MN

ᠬ᠊·ᠠᠯᠲᠠᠨᠭᠡᠷᠡᠯ ᠤᠨ ᠪᠦᠲᠦᠭᠡᠯ  ᠡᠸᠦ᠋ᠷᠦᠫᠡ  ᠠᠽᠢ ᠶᠢᠨ ᠬᠥᠭᠵᠢᠮ ᠤᠨ ᠨᠠᠭᠠᠳᠤᠮ  ᠳᠤ ᠡ‍ᠭᠡᠰᠢᠭᠯᠡᠨ᠎ᠡ

ᠡᠸᠦ᠋ᠷᠦᠫᠡ ᠠᠽᠢ ᠶᠢᠨ ᠣᠷᠴᠢᠨ ᠦᠶ᠎ᠡ ᠵᠢᠨ ᠬᠥᠭᠵᠢᠮ  ᠵᠤᠬᠢᠶᠠᠯᠴᠢᠳ ᠤᠨ ᠳᠥᠷᠪᠡᠳᠦᠭᠡᠷ ᠨᠠᠭᠠᠳᠤᠮ ᠣᠷᠤᠰ  ᠤᠨ ᠰᠠᠾᠠ ᠤᠯᠤᠰ ᠲᠤ ᠡ‍ᠨᠡ ᠰᠠᠷ᠎ᠠ ᠵᠢᠨ 25᠎ ᠳ᠋ᠦ ᠪᠣᠯᠤᠨ᠎ᠠ ᠃ ᠲᠤᠰ ᠨᠠᠭᠠᠳᠤᠮ ᠳᠤ ᠲᠤᠭᠯᠠᠬᠤ ᠨᠠᠢᠮᠠᠨ ᠪᠦᠲᠦᠭᠡᠯ ᠤᠨ ᠲᠤᠭᠠᠨ ᠳᠦ ᠬᠥᠭᠵᠢᠮ ᠤᠨ ᠵᠤᠬᠢᠶᠠᠯᠴᠢ ᠬ᠊·ᠠᠯᠲᠠᠨᠭᠡᠷᠡᠯ ᠤᠨ ᠪᠦᠲᠦᠭᠡᠯ ᠪᠠᠭᠲᠠᠵᠠᠢ ᠃

ᠲᠡᠷᠡ ᠪᠡᠷ ᠳ᠋᠊·ᠨᠠᠴᠤᠭᠳᠤᠷᠵᠢ ᠵᠢᠨ ᠠᠮᠢᠳᠤᠷᠠᠯ ᠡᠴᠠ ᠰᠡᠳᠦᠪᠯᠡᠨ ᠪᠦᠲᠦᠭᠡᠭᠰᠡᠨ ︽ ᠬᠠᠷᠠᠩᠭᠤᠢ ᠬᠠᠳᠠ︾ ᠺᠢᠨᠣ᠋ ᠵᠢᠨ ᠬᠥᠭᠵᠢᠮ ᠢ ᠪᠦᠲᠦᠭᠡᠭᠰᠡᠨ ᠪᠠ ᠡ‍ᠨᠡ  ᠬᠦᠭᠵᠢᠮ ᠡᠴᠡ ᠪᠡᠨ ᠰᠡᠳᠦᠪᠯᠡᠨ ᠰᠢᠮᠹᠣᠨᠢ ᠰᠢᠦ᠋ᠲ ᠲᠤᠭᠤᠷᠪᠢᠵᠤ ᠂ ᠳᠡᠭᠡᠷᠡᠬᠢ ᠨᠠᠭᠠᠳᠤᠮ ᠤᠨ ᠵᠤᠬᠢᠶᠠᠨ ᠪᠠᠢᠢᠭᠤᠯᠤᠭᠴᠢᠳ ᠲᠤ ᠢᠯᠡᠭᠡᠵᠡᠢ ᠃  ᠬᠠᠷᠢᠨ ᠤᠭ ᠪᠦᠲᠦᠭᠡᠯ ᠨᠢ ᠰᠢᠯᠢᠳᠡᠭ ᠨᠠᠢᠮᠠ ᠳᠦ ᠰᠢᠯᠭᠠᠷᠠᠨ ᠬᠥᠭᠵᠢᠮ ᠤᠨ ᠵᠤᠬᠢᠶᠠᠯᠴᠢᠳ ᠤᠨ ᠨᠠᠭᠠᠳᠤᠮ  ᠳᠦ  ᠡᠭᠡᠰᠢᠭᠡᠯᠡᠬᠦ ᠪᠡᠷ ᠪᠣᠯᠵᠠᠢ᠃ ᠨᠠᠭᠠᠳᠤᠮ ᠳᠦ ᠣᠷᠤᠰ ᠂ ᠮᠤᠩᠭᠤᠯ᠂ ᠮᠤᠯᠳ᠋ᠸᠪ᠂ ᠪᠠᠯᠸᠷᠦᠰ᠂ ᠨᠤᠷᠸᠠᠢ  ᠶᠢᠨ ᠬᠥᠭᠵᠢᠮ ᠤᠨ ᠵᠤᠬᠢᠶᠠᠯᠴᠢᠳ ᠤᠨ ᠪᠦᠲᠦᠭᠡᠯ ᠢ ᠲᠤᠰ ᠤᠯᠤᠰ ᠤᠨ ᠹᠢᠯᠠᠷᠮᠤᠨᠢ ᠵᠢᠨ ᠰᠢᠮᠹᠣᠨᠢ ᠨᠠᠢᠢᠷᠠᠯ ᠬᠥᠭᠵᠢᠮ ᠮᠠᠶ᠋ᠸᠰᠲᠷᠤ᠋ ᠨ᠊·ᠪᠠᠽᠠᠯᠸᠸᠠ  ᠶᠢᠨ ᠤᠳᠤᠷᠢᠳᠤᠯᠭ᠎ᠠ ᠪᠡᠷ ᠲᠤᠭᠯᠠᠬᠤ ᠶᠤᠮ ᠪᠠᠢᠢᠨ᠎ᠠ ᠃

 

ᠰᠡᠳᠬᠢᠭᠳᠡᠯ ᠦᠯᠡᠳᠡᠭᠡᠬᠦ