ᠥᠪ ᠰᠤᠶᠤᠯ  ᠤᠨ ᠰᠢᠯᠢᠳᠡᠭ ᠬᠥᠲᠦᠯᠪᠦᠷᠢ ᠲᠠᠢ ᠲᠸᠯᠸᠢᠰ ᠢ ᠱᠠᠩᠨᠠᠨ᠎ᠠ | News.MN

ᠥᠪ ᠰᠤᠶᠤᠯ  ᠤᠨ ᠰᠢᠯᠢᠳᠡᠭ ᠬᠥᠲᠦᠯᠪᠦᠷᠢ ᠲᠠᠢ ᠲᠸᠯᠸᠢᠰ ᠢ ᠱᠠᠩᠨᠠᠨ᠎ᠠ

 

ᠵᠠᠰᠠᠭ ᠤᠨ ᠭᠠᠵᠠᠷ ᠤᠨ ᠬᠡᠷᠡᠭ ᠡ‍ᠷᠬᠢᠯᠡᠬᠦ ᠭᠠᠵᠠᠷ ᠡᠴᠠ ᠬᠤᠯᠪᠣᠭᠳᠠᠬᠤ ᠲᠥᠷᠦ ᠵᠢᠨ ᠪᠠᠢᠢᠭᠤᠯᠭ᠎ᠠ ᠨᠤᠭᠤᠳ ᠲᠠᠢ ᠬᠠᠮᠲᠤᠷᠠᠨ ᠦᠨᠳᠦᠰᠦᠨ ᠪ ᠥᠪ ᠰᠤᠶᠤᠯ ᠂ ᠲᠡᠦᠬᠡ ᠤᠯᠠᠮᠵᠢᠯᠠᠯ ᠂ ᠶᠤᠰᠣ ᠵᠠᠩᠰᠢᠯ ᠂ ᠥᠪᠡᠷᠮᠢᠴᠡ ᠣᠨᠴᠠᠯᠢᠭ ᠢ ᠢᠯᠡᠷᠬᠡᠢᠢᠯᠡᠭᠰᠡᠨ᠂ ᠬᠡᠦᠬᠡᠳ ᠵᠠᠯᠠᠭᠤᠰ ᠲᠤ ᠡ‍ᠬᠡ ᠣᠷᠤᠨᠴᠢ ᠦᠵᠡᠯ ᠂ ᠪᠠᠬᠠᠷᠬᠠᠯ ᠢ ᠲᠥᠯᠦᠪᠰᠢᠭᠦᠯᠬᠦ ᠳ᠋ᠦ ᠴᠢᠭᠯᠡᠭᠰᠡᠨ ᠷᠠᠳᠢᠣ᠋ ᠂ ᠲᠧᠯᠸᠢᠰ ᠤᠨ ᠰᠢᠯᠢᠳᠡᠭ ᠪᠦᠲᠦᠭᠡᠯ ᠢ ᠰᠢᠯᠭᠠᠷᠠᠭᠤᠯᠬᠤ ᠤᠷᠤᠯᠳᠤᠭᠠᠨ ᠵᠠᠷᠯᠠᠵᠤ ᠪᠠᠢᠢᠨ᠎ᠠ᠃ ᠰᠢᠯᠢᠳᠡᠭ ᠳᠤᠯᠤᠭ᠎ᠠ ᠬᠤᠨᠤᠭ ᠤᠨ ᠬᠥᠲᠦᠯᠪᠦᠷᠢ ᠲᠠᠢ ᠲᠸᠯᠸᠢᠰ ᠢ 100 ᠰᠠᠶ᠎ᠠ ᠲᠥᠭᠥᠷᠢᠭ ᠵᠢᠨᠷ᠂ ᠰᠢᠯᠢᠳᠡᠭ ᠪᠦᠲᠦᠭᠡᠯ ᠪᠤᠶᠤ ᠨᠡᠪᠲᠡᠷᠡᠭᠦᠯᠭᠡ ᠵᠢ 50 ᠰᠠᠶ᠎ᠠ ᠲᠥᠭᠥᠷᠢᠭ ᠵᠢᠨᠷ ᠂ ᠰᠢᠯᠢᠳᠡᠭ ᠬᠡᠦᠬᠡᠳ ᠲᠦ ᠵᠤᠷᠢᠭᠤᠯᠤᠭᠰᠠᠨ ᠪᠦᠲᠦᠭᠡᠯ ᠢ 50 ᠰᠠᠶ᠎ᠠ ᠲᠥᠭᠥᠷᠢᠭ ᠵᠢᠨᠷ ᠲᠤᠰ ᠲᠤᠰ ᠱᠠᠩᠨᠠᠨ᠎ᠠ ᠃ ᠬᠠᠷᠢᠨ ᠷᠠᠳᠢᠣ᠋ ᠵᠢᠨ ᠲᠥᠷᠦᠯ ᠳ᠋ᠦ ᠲᠤᠰ ᠪᠦᠷᠢ 20 ᠰᠠᠶ᠎ᠠ ᠪᠠ 10 ᠰᠠᠶ᠎ᠠ ᠲᠥᠭᠥᠷᠢᠭ ᠵᠢᠨᠷ ᠱᠠᠩᠨᠠᠨ᠎ᠠ ᠃

ᠲᠤᠭᠠᠨ ᠺᠣᠨᠲ᠋ᠧᠨᠲ ᠤᠨ ᠬᠥᠭᠵᠢᠯ ᠢ ᠳᠡᠮᠵᠢᠬᠦ ᠲᠥᠷᠦ ᠵᠢᠨ ᠪᠣᠳᠤᠯᠭ᠎ᠠ ᠵᠢᠨ ᠬᠦᠷᠢᠶᠡᠨ ᠳ᠋ᠦ ᠵᠤᠬᠢᠶᠠᠭᠳᠠᠬᠤ ᠤᠭ ᠤᠷᠤᠯᠳᠤᠭᠠᠨ ᠳᠤ ᠢᠷᠡᠭᠦᠯᠬᠦ ᠪᠦᠲᠦᠭᠡᠯ ᠳᠤ ᠮᠤᠩᠭᠤᠯ ᠶᠤᠰᠣ ᠵᠠᠩᠰᠢᠯ᠂ ᠲᠡᠦᠬᠡ᠂ ᠤᠯᠠᠮᠵᠢᠯᠠᠯ ᠂ ᠥᠪ ᠰᠤᠶᠤᠯ ᠢ ᠣᠷᠴᠢᠨ ᠦᠶ᠎ᠡ ᠵᠢᠨ ᠴᠢᠭ ᠬᠠᠨᠳᠤᠯᠭ᠎ᠠ ᠲᠠᠢ ᠬᠤᠤᠰᠯᠠᠭᠤᠯᠤᠨ ᠢᠯᠡᠷᠬᠡᠢᠢᠯᠡᠭᠰᠡᠨ᠂ ᠨᠡᠢᠢᠭᠡᠮ ᠲᠡᠦᠬᠡ᠂ ᠰᠤᠶᠤᠯ ᠤᠷᠠᠯᠢᠭ ᠂ ᠰᠢᠨᠵᠢᠯᠡᠬᠦ ᠤᠬᠠᠭᠠᠨ ᠲᠠᠨᠢᠨ ᠮᠡᠳᠡᠬᠦᠢ ᠵᠢᠨ ᠦᠨ᠎ᠡ ᠴᠡᠨ᠎ᠡ ᠂ ᠠᠴᠢ ᠬᠤᠯᠪᠣᠭᠳᠠᠯ ᠲᠠᠢ ᠪᠠᠢᠢᠬᠤ ᠭᠡᠰᠡᠨ ᠦᠨᠳᠦᠰᠦᠨ ᠱᠠᠭᠠᠷᠳᠠᠯᠭ᠎ᠠ ᠨᠤᠭᠤᠳ ᠲᠠᠯᠪᠢᠭᠳᠠᠵᠤ ᠪᠠᠢᠢᠨ᠎ᠠ᠃

ᠮᠤᠩᠭᠤᠯ ᠤᠨ ᠦᠨᠳᠦᠰᠦᠨ ᠪ ᠤᠯᠠᠮᠵᠢᠯᠠᠯᠲᠤ ︽ ᠴᠠᠭᠠᠨ ᠰᠠᠷ᠎ᠠ ᠵᠢᠨ ᠪᠠᠶᠠᠷ︾ ᠲᠤᠬᠢᠶᠠᠬᠤ ᠦᠶ᠎ᠡ ᠪᠤᠶᠤ 2020 ᠣᠨ ᠪ ᠬᠤᠶᠠᠳᠤᠭᠠᠷ ᠰᠠᠷ᠎ᠠ ᠵᠢᠨ 22 – 29  ᠳᠤ ᠷᠠᠳᠢᠣ᠋ ᠂ ᠲᠧᠯᠸᠢᠰ ᠵᠢᠨᠷ ᠨᠡᠪᠲᠡᠷᠡᠭᠦᠯᠦᠭᠰᠡᠨ ᠬᠥᠲᠦᠯᠪᠦᠷᠢ ᠪᠣᠯᠤᠨ ᠪᠦᠲᠦᠭᠡᠯ ᠢ ᠬᠠᠮᠤᠷᠤᠭᠤᠯᠬᠤ ᠪᠥᠭᠡᠳ ᠪᠦᠷᠢᠳᠬᠡᠯ ᠢ ᠡ‍ᠨᠡ ᠰᠠᠷ᠎ᠠ ᠵᠢᠨ 20 ᠪ ᠡ‍ᠳᠦᠷ ᠬᠦᠷᠲᠡᠯ᠎ᠡ ᠬᠠᠷᠢᠯᠴᠠᠭ᠎ᠠ ᠬᠤᠯᠪᠣᠭ᠎ᠠ ᠮᠡᠳᠡᠭᠡᠯᠡᠯ ᠤᠨ ᠲᠧᠭᠨᠤᠯᠤᠭᠢ ᠵᠢᠨ ᠭᠠᠵᠠᠷ ᠳᠡᠭᠡᠷ᠎ᠡ ᠬᠦᠯᠢᠶᠡᠵᠦ ᠠᠪᠬᠤ ᠶᠤᠮ ᠃ ᠴᠠᠭᠠᠰᠢᠳᠠ ᠡ‍ᠨᠡ ᠬᠦ ᠤᠷᠤᠯᠳᠤᠭᠠᠨ ᠢ ᠮᠤᠩᠭᠤᠯ ᠦᠨᠳᠦᠰᠦᠨ ᠪ ᠤᠯᠠᠮᠵᠢᠯᠠᠯᠲᠤ ᠪᠠᠶᠠᠷ ᠪᠣᠯᠬᠤ  ︽ᠴᠠᠭᠠᠨ ᠰᠠᠷ᠎ᠠ︾ ᠪᠣᠯᠤᠨ ︽ ᠦᠨᠳᠦᠰᠦᠨ ᠪ ᠶᠡᠬᠡ ᠪᠠᠶᠠᠷ ᠨᠠᠭᠠᠳᠤᠮ︾ ᠢ ᠲᠤᠬᠢᠶᠠᠯᠳᠤᠭᠤᠯᠤᠨ ᠤᠯᠠᠮᠵᠢᠯᠠᠨ ᠵᠤᠬᠢᠶᠠᠨ ᠪᠠᠢᠢᠭᠤᠯᠬᠤ ᠪᠡᠷ ᠲᠥᠯᠦᠪᠯᠡᠵᠦ ᠪᠠᠢᠢᠭ᠎ᠠ ᠃

 

ᠰᠡᠳᠬᠢᠭᠳᠡᠯ ᠦᠯᠡᠳᠡᠭᠡᠬᠦ