ᠪᠤᠶᠠᠨᠲᠤ ᠬᠤᠸᠠ ᠂ ᠵᠠᠮ ᠤᠨ ᠡᠭᠦᠳᠡ ᠪᠡᠷ ᠯᠠ ᠢᠷᠭᠡᠳ ᠢ ᠨᠡᠪᠲᠡᠷᠡᠭᠦᠯᠦᠨ᠎ᠡ | News.MN

ᠪᠤᠶᠠᠨᠲᠤ ᠬᠤᠸᠠ ᠂ ᠵᠠᠮ ᠤᠨ ᠡᠭᠦᠳᠡ ᠪᠡᠷ ᠯᠠ ᠢᠷᠭᠡᠳ ᠢ ᠨᠡᠪᠲᠡᠷᠡᠭᠦᠯᠦᠨ᠎ᠡ

ᠰᠢᠨ᠎ᠡ ᠺᠣᠷᠤᠨᠠ ᠸᠢᠷᠦ᠋ᠰ ᠦᠨ ᠬᠠᠯᠳᠠᠪᠤᠷᠢ ᠡᠴᠠ ᠤᠷᠢᠳᠴᠢᠯᠠᠨ ᠰᠡᠷᠭᠡᠢᠢᠯᠡᠬᠦ ᠠᠵᠢᠯ ᠤᠨ ᠬᠦᠷᠢᠶᠡᠨ ᠳ᠋ᠦ ᠵᠠᠰᠠᠭ ᠤᠨ ᠭᠠᠵᠠᠷ ᠤᠨ ᠰᠢᠢᠳᠪᠦᠷᠢ ᠪᠡᠷ ᠥᠨᠦᠳᠦᠷ ᠡ‍ᠴᠡ ᠭᠤᠷᠪᠠᠳᠤᠭᠠᠷ ᠰᠠᠷ᠎ᠠ ᠵᠢᠨ 2 ᠬᠦᠷᠲᠡᠯ᠎ᠡ ᠵᠥᠪᠬᠡᠨ ᠪᠤᠶᠠᠨᠲᠤ ᠬᠤᠸᠠ ᠪᠣᠯᠤᠨ ᠵᠠᠮ ᠤᠨ ᠡ‍ᠭᠦᠳᠡ ᠪᠣᠭᠤᠮᠲᠠ ᠪᠡᠷ ᠮᠤᠩᠭᠤᠯ ᠤᠯᠤᠰ ᠤᠨ ᠢᠷᠭᠡᠳ ᠢ ᠬᠢᠯᠢ ᠨᠡᠪᠲᠡᠷᠡᠭᠦᠯᠦᠨ᠎ᠡ ᠃ ᠵᠠᠮ ᠤᠨ ᠡ‍ᠭᠦᠳᠡ ᠡ‍ᠷᠢᠶᠡᠨ ᠴᠢᠭᠯᠡᠯ ᠳ᠋ᠦ ᠠᠴᠢᠶ᠎ᠠ ᠲᠡᠭᠡᠭᠡᠪᠦᠷᠢ ᠵᠢᠨ ᠭᠠᠯᠲᠤ ᠲᠡᠷᠭᠡ ᠬᠤᠪᠢᠶᠠᠷᠢ ᠵᠢᠨ ᠳᠠᠭᠠᠤ ᠵᠤᠷᠴᠢᠬᠤ ᠪᠥᠭᠡᠳ ᠵᠢᠳᠬᠦᠭᠦᠷ ᠤᠨ ᠪᠡᠶ᠎ᠡ ᠪᠦᠷᠢᠯᠳᠦᠬᠦᠨ ᠂ ᠠᠭᠠᠷ ᠤᠨ ᠬᠥᠯᠭᠡ ᠵᠢᠨ ᠪᠠᠭ ᠤᠨ ᠭᠡᠰᠢᠭᠦᠳ ᠲᠦ ᠬᠤᠷᠢᠭ᠎ᠠ ᠴᠡᠭᠡᠷ ᠮᠥᠨ ᠬᠠᠮᠢᠶᠠᠷᠬᠤ ᠦᠭᠡᠢ ᠶᠤᠮ ᠪᠠᠢᠢᠨ᠎ᠠ ᠃

ᠬᠠᠷᠢᠨ ᠬᠢᠲᠠᠳ  ᠡᠴᠠ ᠢᠷᠡᠬᠦ ᠂ ᠮᠥᠨ ᠲᠤᠰ ᠤᠯᠤᠰ ᠵᠢᠨᠷ ᠳᠡᠮᠵᠢᠨ ᠢᠷᠠᠵᠤ ᠪᠠᠢᠢᠭ᠎ᠠ ᠮᠤᠩᠭᠤᠯ ᠤᠯᠤᠰ ᠤᠨ ᠢᠷᠭᠡᠳ ᠢ 2020 ᠣᠨ ᠪ ᠬᠤᠶᠠᠳᠤᠭᠠᠷ ᠰᠠᠷ᠎ᠠ ᠵᠢᠨ 6 ᠬᠦᠷᠲᠡᠯ᠎ᠡ ᠪᠦᠬᠦ ᠪᠣᠭᠤᠮᠲᠠ ᠪᠡᠷ  ᠨᠡᠪᠲᠡᠷᠡᠭᠦᠯᠬᠦ ᠪᠥᠭᠡᠳ ᠡ‍ᠨᠡ ᠬᠤᠭᠤᠴᠠᠭᠠᠨ ᠳᠦ 6000 ᠭᠠᠷᠤᠢ ᠢᠷᠭᠡᠨ ᠡ‍ᠬᠡ ᠣᠷᠤᠨ ᠳᠦ ᠪᠠᠨ ᠢᠷᠡᠭᠰᠡᠨ ᠢ ᠬᠢᠯᠢ ᠵᠢᠨ ᠮᠡᠷᠭᠡᠵᠢᠯ ᠤᠨ ᠬᠢᠨᠠᠯᠲᠠ ᠵᠢᠨ ᠠᠯᠪᠠᠨ ᠡᠴᠠ ᠮᠡᠳᠡᠭᠡᠯᠡᠭᠰᠡᠨ ᠃

ᠰᠡᠳᠬᠢᠭᠳᠡᠯ ᠦᠯᠡᠳᠡᠭᠡᠬᠦ