ᠬᠢᠲᠠᠳ ᠲᠤ ᠪᠣᠯᠬᠤ ᠣᠯᠢᠮᠫᠢᠺ ᠤᠨ ᠡ‍ᠷᠬᠡ ᠵᠢᠨ ᠲᠡᠮᠡᠴᠡᠭᠡᠨ ᠨᠤᠭᠦᠳ ᠴᠤᠴᠠᠯᠠᠭᠳᠠᠯ᠎ᠠ | News.MN

ᠬᠢᠲᠠᠳ ᠲᠤ ᠪᠣᠯᠬᠤ ᠣᠯᠢᠮᠫᠢᠺ ᠤᠨ ᠡ‍ᠷᠬᠡ ᠵᠢᠨ ᠲᠡᠮᠡᠴᠡᠭᠡᠨ ᠨᠤᠭᠦᠳ ᠴᠤᠴᠠᠯᠠᠭᠳᠠᠯ᠎ᠠ

ᠣᠯᠠᠨ ᠤᠯᠤᠰ ᠤᠨ ᠣᠯᠢᠮᠫᠢᠺ ᠤᠨ ᠬᠤᠷᠢᠶ᠎ᠠ ᠡᠴᠠ ᠲᠠᠮᠢᠷᠴᠢᠳ ᠤᠨ ᠡ‍ᠷᠡᠭᠦᠯ ᠮᠡᠨᠳᠦ ᠂  ᠠᠶᠤᠯᠭᠦᠢ ᠪᠠᠢᠢᠳᠠᠯ ᠤᠨ ᠡ‍ᠭᠦᠳᠡᠨ ᠡ‍ᠴᠡ ᠬᠢᠲᠠᠳ ᠲᠤ ᠵᠤᠬᠢᠶᠠᠨ ᠪᠠᠢᠢᠭᠤᠯᠬᠤ ᠪᠠᠢᠢᠭᠰᠠᠨ ᠠᠯᠢᠪᠠ ᠲᠡᠮᠡᠴᠡᠭᠡᠨ ᠤᠷᠤᠯᠳᠤᠭᠠᠨ ᠢ ᠲᠤᠳᠤᠷᠬᠠᠢ ᠦᠭᠡᠢ ᠬᠤᠭᠤᠴᠠᠭ᠎ᠠ ᠪᠡᠷ ᠬᠤᠢᠢᠰᠢᠯᠠᠭᠤᠯᠬᠤ ᠂ ᠥᠭᠡᠷ᠎ᠡ ᠤᠯᠤᠰ ᠲᠤ ᠰᠢᠯᠵᠢᠭᠦᠯᠬᠦ ᠵᠥᠪᠯᠡᠮᠵᠢ ᠭᠠᠷᠭᠠᠭᠰᠠᠨ ᠶᠤᠮ ᠃

ᠬᠢᠲᠠᠳ  ᠤᠨ ᠰᠫᠣᠷᠲ ᠤᠨ ᠶᠠᠮᠤᠨ ᠡᠴᠠ ᠺᠤᠷᠤᠨᠠ ᠸᠢᠷᠦ᠋ᠰ  ᠦᠨ ᠲᠠᠷᠬᠠᠯᠲᠠ ᠡᠴᠠ ᠰᠢᠯᠲᠠᠭᠠᠯᠠᠨ ᠡ‍ᠨᠡ ᠣᠨ ᠪ ᠳᠥᠷᠪᠡᠳᠦᠭᠡᠷ ᠰᠠᠷ᠎ᠠ ᠬᠦᠷᠲᠡᠯ᠎ᠡ ᠬᠢᠲᠠᠳ  ᠤᠨ ᠨᠤᠲᠤᠭ ᠳᠡᠪᠢᠰᠬᠡᠷ ᠳᠡᠭᠡᠷ᠎ᠡ ᠠᠯᠢᠪᠠ ᠤᠷᠤᠯᠳᠤᠭᠠᠨ ᠲᠡᠮᠡᠴᠡᠭᠡᠨ ᠵᠤᠬᠢᠶᠠᠨ ᠪᠠᠢᠢᠭᠤᠯᠬᠤ ᠵᠢ ᠬᠤᠷᠢᠭᠯᠠᠬᠤ ᠰᠢᠢᠳᠪᠦᠷᠢ ᠭᠠᠷᠭᠠᠭᠰᠠᠨ ᠃ ᠲᠤᠳᠤᠷᠠᠭᠤᠯᠪᠠᠯ ᠂  ︽ ᠲᠤᠤᠺᠢᠣ᠋ 2020 ︾ ᠣᠯᠢᠮᠫᠢᠺ  ᠤᠨ ᠨᠠᠭᠠᠳᠤᠮ ᠤᠨ ᠠᠽᠢᠶ᠎ᠠ ᠨᠤᠮᠤᠬᠠᠨ ᠳᠠᠯᠠᠢ ᠵᠢᠨ ᠪᠦᠰᠡ ᠵᠢᠨ ᠡ‍ᠷᠬᠡ ᠵᠢᠨ ᠲᠥᠯᠦᠭᠡᠬᠢ ᠪᠣᠺᠰ ᠤᠨ ᠲᠡᠮᠡᠴᠡᠭᠡᠨ 2 ᠳ᠋ᠤᠭᠠᠷ ᠰᠠᠷ᠎ᠠ ᠵᠢᠨ 3 – 14᠎ ᠳ᠋ᠦ ᠦᠬᠠᠨ ᠬᠤᠲᠠᠨ᠎ᠠ ᠪᠣᠯᠬᠤ ᠪᠠᠢᠢᠭᠰᠠᠨ ᠢ ᠴᠤᠴᠠᠯᠠᠵᠤ ᠂ ᠭᠤᠷᠪᠠᠳᠤᠭᠠᠷ ᠰᠠᠷ᠎ᠠ ᠳᠤ ᠶᠤᠷᠳᠠᠨ ᠤ ᠠᠮᠮᠠᠨ ᠬᠤᠲᠠᠨ᠎ᠠ ᠶᠠᠪᠤᠭᠤᠯᠬᠤ ᠪᠡᠷ ᠪᠣᠯ ᠡ‍ᠮᠡᠭᠲᠡᠢᠢᠴᠦᠳ ᠤᠨ ᠬᠥᠯ ᠪᠥᠮᠪᠥᠭᠡ ᠵᠢᠨ ᠣᠯᠢᠮᠫᠢᠺ ᠤᠨ ᠡ‍ᠷᠬᠡ ᠵᠢᠨ ᠲᠥᠯᠦᠭᠡᠬᠢ ᠲᠡᠮᠡᠴᠡᠭᠡᠨ ᠢ ᠴᠦ ᠴᠤᠴᠠᠯᠠᠭᠰᠠᠨ ᠃ ᠴᠢᠯᠦᠭᠡᠲᠦ ᠪᠥᠬᠡ ᠵᠢᠨ ᠠᠽᠢᠶ᠎ᠠ ᠲᠢᠪ ᠤᠨ ᠲᠠᠮᠢᠷᠴᠢᠳ ᠲᠤ ᠤᠯᠢᠮᠫᠢᠺ ᠤᠨ ᠡ‍ᠷᠬᠡ ᠣᠯᠭᠤᠬᠤ ᠲᠡᠮᠡᠴᠡᠭᠡᠨ ᠬᠢᠲᠠᠳ ᠤᠨ ᠰᠢ ᠠᠨ ᠬᠤᠲᠠᠨ᠎ᠠ ᠭᠤᠷᠪᠠᠳᠤᠭᠠᠷ ᠰᠠᠷ᠎ᠠ ᠵᠢᠨ 27 – 29᠎ ᠳ᠋ᠦ ᠵᠤᠬᠢᠶᠠᠨ ᠪᠠᠢᠢᠭᠤᠯᠬᠤ ᠪᠠᠢᠢᠭᠰᠠᠨ ᠴᠦ ᠴᠤᠴᠠᠯᠠᠬᠤ ᠪᠠᠷ  ᠪᠣᠯᠪᠠ ᠃

ᠰᠡᠳᠬᠢᠭᠳᠡᠯ ᠦᠯᠡᠳᠡᠭᠡᠬᠦ