ᠲᠡᠮᠡᠴᠡᠭᠡᠨ ᠨᠤᠭᠦᠳ ᠢ ᠬᠤᠢᠢᠰᠢᠯᠠᠭᠤᠯᠵᠠᠢ | News.MN

ᠲᠡᠮᠡᠴᠡᠭᠡᠨ ᠨᠤᠭᠦᠳ ᠢ ᠬᠤᠢᠢᠰᠢᠯᠠᠭᠤᠯᠵᠠᠢ

 

ᠰᠢᠨ᠎ᠡ ᠲᠥᠷᠦᠯ ᠤᠨ ᠺᠤᠷᠤᠨᠠ ᠸᠢᠷᠦ᠋ᠰ ᠤᠨ ᠡ‍ᠷᠡᠰᠳᠡᠯ ᠡ‍ᠴᠡ ᠤᠷᠢᠳᠴᠢᠯᠠᠨ ᠰᠡᠷᠭᠡᠢᠢᠯᠡᠬᠦ ᠠᠵᠢᠯ ᠤᠨ ᠬᠦᠷᠢᠶᠡᠨ ᠳ᠋ᠦ ᠤᠯᠤᠰ ᠤᠨ ᠣᠨᠴᠠᠭᠠᠢ ᠺᠣᠮᠢᠰ ᠂ ᠵᠠᠰᠠᠭ ᠤᠨ ᠭᠠᠵᠠᠷ ᠤᠨ ᠬᠤᠷᠠᠯᠳᠤᠭᠠᠨ ᠬᠤᠷᠠᠯᠳᠤᠵᠤ ᠂ 2020 ᠣᠨ ᠪ ᠨᠢᠭᠡᠳᠦᠭᠡᠷ ᠰᠠᠷ᠎ᠠ ᠵᠢᠨ 27 ᠪ ᠡ‍ᠳᠦᠷ ᠡ‍ᠴᠡ ᠭᠤᠷᠪᠠᠳᠤᠭᠠᠷ ᠰᠠᠷ᠎ᠠ ᠵᠢᠨ 02 ᠪ ᠡ‍ᠳᠦᠷ ᠢ ᠬᠦᠷᠲᠡᠯᠡᠬᠢ ᠬᠤᠭᠤᠴᠠᠭᠠᠨ ᠳᠤ ᠣᠯᠠᠨ ᠨᠡᠢᠢᠲᠡ ᠵᠢ ᠬᠠᠮᠤᠷᠤᠭᠰᠠᠨ ᠠᠷᠭ᠎ᠠ ᠬᠡᠮᠵᠢᠶ᠎ᠡ ᠵᠤᠬᠢᠶᠠᠨ ᠪᠠᠢᠢᠭᠤᠯᠬᠤ ᠵᠢ ᠬᠤᠷᠢᠭᠯᠠᠭᠰᠠᠨ ᠪᠢᠯᠡ ᠃

ᠡ‍ᠭᠦᠨ ᠲᠠᠢ ᠬᠤᠯᠪᠣᠭᠳᠠᠭᠤᠯᠤᠨ ᠮᠤᠩᠭᠤᠯ ᠤᠨ ᠦᠨᠳᠦᠰᠦᠨ ᠪ ᠣᠯᠢᠮᠫᠢᠺ ᠤᠨ ᠬᠤᠷᠢᠶᠠᠨ ᠡᠴᠠ ᠳᠡᠭᠡᠷᠡᠬᠢ ᠬᠤᠭᠤᠴᠠᠭᠠᠨ ᠳᠤ ᠵᠤᠬᠢᠶᠠᠨ ᠪᠠᠢᠢᠭᠤᠯᠬᠤ ᠪᠡᠷ ᠲᠥᠯᠦᠪᠯᠡᠵᠦ ᠪᠠᠢᠢᠭᠰᠠᠨ ︽ ᠮᠤᠩᠭᠤᠯ ᠤᠨ ᠦᠨᠳᠦᠰᠦᠨ ᠪ ᠣᠯᠢᠮᠫᠢᠺ ᠤᠨ ᠬᠤᠷᠢᠶ᠎ᠠ ᠶᠢᠨ ᠭᠡᠰᠢᠭᠦᠨ ᠰᠫᠣᠷᠲ ᠬᠤᠯᠪᠣᠭ᠎ᠠ ᠨᠤᠭᠤᠳ  ᠤᠨ ᠰᠢᠲᠠᠷ᠎ᠠ ᠵᠢᠨ ᠨᠥᠬᠥᠷᠰᠡᠭ ᠲᠡᠮᠡᠴᠡᠭᠡᠨ᠂ ᠭᠤᠪᠢ ᠵᠢᠨ ᠪᠦᠰᠡ ᠵᠢᠨ ᠠᠢᠢᠮᠠᠭ ᠤᠳ ᠤᠨ ᠰᠫᠣᠷᠲ  ᠤᠨ ᠤᠳᠤᠷᠢᠳᠬᠤ ᠠᠵᠢᠯᠲᠠᠨ ᠪ ᠰᠤᠷᠭᠠᠯᠲᠠ – ᠰᠸᠮᠢᠨᠠᠷ ᠢ ᠴᠤᠴᠠᠯᠠᠵᠤ᠂ ᠬᠤᠭᠤᠴᠠᠭ᠎ᠠ ᠵᠢ ᠬᠤᠢᠢᠰᠢᠯᠠᠭᠤᠯᠤᠭᠰᠠᠨ ᠪᠣᠯᠬᠤ ᠵᠢ ᠮᠡᠳᠡᠭᠳᠡᠭᠰᠡᠨ ᠶᠤᠮ᠃ ᠲᠡᠳᠡ᠂ ᠬᠠᠯᠳᠠᠪᠤᠷᠢ ᠡᠴᠠ ᠤᠷᠢᠳᠴᠢᠯᠠᠨ ᠰᠡᠷᠭᠡᠢᠢᠯᠡᠬᠦ ᠵᠥᠪᠯᠡᠮᠵᠢ ᠵᠢ ᠰᠠᠢᠢᠲᠤᠷ ᠰᠠᠬᠢᠵᠤ ᠂ ᠳᠠᠷᠬᠠᠯᠠᠭ᠎ᠠ ᠪᠠᠨ ᠳᠡᠮᠵᠢᠬᠦ ᠵᠢ ᠤᠷᠢᠶᠠᠯᠠᠵᠤ ᠪᠠᠢᠢᠨ᠎ᠠ ᠬᠡᠮᠡᠨ ᠮᠡᠳᠡᠭᠳᠡᠯ ᠳ᠋ᠦ ᠪᠡᠨ ᠪᠢᠴᠢᠵᠡᠢ ᠃

ᠰᠡᠳᠬᠢᠭᠳᠡᠯ ᠦᠯᠡᠳᠡᠭᠡᠬᠦ