ᠬᠠᠷᠪᠢᠨ ᠤ ᠴᠠᠰᠤᠨ ᠪᠠᠷᠢᠮᠠᠯ ᠤᠨ ᠲᠡᠮᠡᠴᠡᠭᠡᠨ ᠳ᠋ᠦ ᠮᠤᠩᠭᠤᠯ ᠤᠨ ᠪᠠᠭ ᠲᠡᠷᠢᠭᠦᠯᠡᠪᠡ | News.MN

 ᠬᠠᠷᠪᠢᠨ ᠤ ᠴᠠᠰᠤᠨ ᠪᠠᠷᠢᠮᠠᠯ ᠤᠨ ᠲᠡᠮᠡᠴᠡᠭᠡᠨ ᠳ᠋ᠦ ᠮᠤᠩᠭᠤᠯ ᠤᠨ ᠪᠠᠭ ᠲᠡᠷᠢᠭᠦᠯᠡᠪᠡ

 

ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠬᠠᠷᠪᠢᠨ ᠬᠤᠲᠠᠨ᠎ᠠ ᠲᠠᠪᠤᠨ ᠡ‍ᠳᠦᠷ ᠦᠷᠭᠦᠯᠵᠢᠯᠡᠭᠰᠡᠨ ᠮᠥᠰᠦᠨ ᠪᠣᠯᠤᠨ ᠴᠠᠰᠤᠨ ᠪᠠᠷᠢᠮᠠᠯ ᠤᠨ ᠲᠡᠮᠡᠴᠡᠭᠡᠨ ᠳ᠋ᠦ ᠮᠤᠩᠭᠤᠯ ᠂ ᠣᠷᠤᠰ ᠂  ᠢᠨᠳᠤᠨᠢᠰᠢᠶ᠎ᠠ ᠵᠡᠷᠭᠡ 10 ᠤᠯᠤᠰ ᠤᠨ 25 ᠪᠠᠭ ᠪᠦᠲᠦᠭᠡᠯ ᠵᠢᠨᠷ ᠵᠢᠨᠨ ᠥᠷᠢᠰᠦᠯᠳᠦᠭᠰᠡᠨ ᠪᠠᠢᠢᠨ᠎ᠠ ᠃

ᠴᠠᠰᠤᠨ ᠪᠠᠷᠢᠮᠠᠯ ᠤᠨ ᠲᠡᠮᠡᠴᠡᠭᠡᠨ ᠳ᠋ᠦ ᠡ‍ᠬᠡ ᠳᠡᠯᠡᠬᠡᠢ ᠂ ᠬᠦᠷᠢᠶᠡᠯᠡᠨ ᠪᠤᠢ ᠣᠷᠴᠢᠨ ᠢ ᠬᠠᠮᠠᠭᠠᠯᠠᠬᠤ ᠰᠡᠳᠦᠪ ᠵᠢᠨᠷ ᠤᠷᠠᠯᠠᠭᠰᠠᠨ ᠮᠤᠩᠭᠤᠯ ᠤᠨ ᠤᠷᠠᠨ ᠪᠦᠲᠦᠭᠡᠯᠴᠢᠳ ᠤᠨ ᠪᠦᠲᠦᠭᠡᠯ ᠲᠡᠷᠢᠭᠦᠯᠡᠵᠦ ᠂ ᠮᠥᠰᠦᠨ ᠪᠠᠷᠢᠮᠠᠯ ᠤᠨ ᠲᠡᠮᠡᠴᠡᠭᠡᠨ ᠳ᠋ᠦ ᠣᠷᠤᠰ  ᠤᠨ ᠤᠷᠠᠨ ᠪᠦᠲᠦᠭᠡᠯᠴᠢᠳ ᠰᠢᠯᠢᠳᠡᠭ ᠵᠢᠨᠷ ᠰᠢᠯᠭᠠᠷᠠᠵᠠᠢ ᠃ ᠮᠤᠩᠭᠤᠯ ᠤᠨ ᠪᠠᠭ ᠪᠦᠲᠦᠭᠡᠯ ᠳ᠋ᠦ ᠪᠡᠨ ᠠᠦᠰᠲ᠋ᠷᠠᠯᠢᠶ᠎ᠠ ᠳ᠋ᠤ ᠳᠡᠭᠳᠡᠭᠡᠳ ᠪᠤᠢ ᠲᠦᠢᠮᠡᠷ ᠲᠦ ᠬᠡᠳᠦᠨ ᠵᠠᠭᠤ ᠪᠠᠷ ᠵᠢᠨᠨ ᠥᠷᠲᠦᠭᠡᠳ ᠪᠤᠢ ᠺᠤᠯᠠ ᠪᠠᠭᠠᠪᠠᠭᠠᠢ ᠪᠣᠯᠤᠨ ᠢᠮᠵᠢ ᠵᠢ ᠳᠦᠷᠰᠦᠯᠡᠭᠰᠡᠨ ᠪᠠᠢᠢᠨ᠎ᠠ᠃ ᠮᠤᠩᠭᠤᠯ ᠤᠨ ᠤᠷᠠᠨ ᠪᠦᠲᠦᠭᠡᠯᠴᠢᠳ ᠥᠩᠭᠡᠷᠡᠭᠰᠡᠨ ᠵᠢᠯ ᠤᠨ ᠬᠠᠷᠪᠢᠨ ᠤ ᠮᠥᠰᠦᠨ ᠪᠠᠷᠢᠮᠠᠯ ᠤᠨ ᠲᠥᠷᠦᠯ ᠳ᠋ᠦ ᠮᠥᠨ ᠲᠡᠷᠢᠭᠦᠯᠡᠵᠦ ᠪᠠᠢᠢᠵᠠᠢ ᠃

ᠰᠡᠳᠬᠢᠭᠳᠡᠯ ᠦᠯᠡᠳᠡᠭᠡᠬᠦ