ᠬ᠊·ᠪᠠᠲᠤᠲᠤᠯᠭ᠎ᠠ  Nestle ᠺᠣᠮᠫᠠᠨᠢ ᠵᠢᠨ ᠵᠠᠬᠢᠷᠤᠯ ᠲᠠᠢ ᠠᠭᠤᠯᠵᠠᠯ᠎ᠠ | News.MN

ᠬ᠊·ᠪᠠᠲᠤᠲᠤᠯᠭ᠎ᠠ  Nestle ᠺᠣᠮᠫᠠᠨᠢ ᠵᠢᠨ ᠵᠠᠬᠢᠷᠤᠯ ᠲᠠᠢ ᠠᠭᠤᠯᠵᠠᠯ᠎ᠠ

 

ᠮᠤᠩᠭᠤᠯ ᠤᠯᠤᠰ ᠤᠨ ᠶᠡᠷᠦᠩᠬᠡᠢᠢᠯᠡᠭᠴᠢ ᠬ᠊·ᠪᠠᠲᠤᠲᠤᠯᠭ᠎ᠠ ᠰᠸᠢᠰ ᠤᠨ ᠬᠤᠯᠪᠣᠭᠠᠨ ᠪ ᠤᠯᠤᠰ ᠤᠨ ᠳ᠋ᠠᠸᠤᠰ ᠬᠤᠲᠠᠨ᠎ᠠ ᠳᠡᠯᠡᠬᠡᠢ ᠵᠢᠨ ᠤᠰᠤᠨ ᠪ ᠨᠥᠭᠡᠴᠡ ᠵᠢᠨ ᠭᠷᠦ᠋ᠫ ᠦᠨ  ᠳᠠᠷᠤᠭ᠎ᠠ ᠪᠥᠭᠡᠳ  Nestle  ᠺᠣᠮᠫᠠᠨᠢ ᠵᠢᠨ ᠵᠠᠬᠢᠷᠤᠯ ᠤᠳ ᠤᠨ  ᠵᠥᠪᠯᠡᠯ ᠤᠨ ᠳᠠᠷᠤᠭ᠎ᠠ ᠫᠣᠯ ᠪᠠᠯᠺᠸ ᠶᠢ ᠬᠦᠯᠢᠶᠡᠨ ᠠᠪᠴᠤ ᠠᠭᠤᠯᠵᠠᠯ᠎ᠠ ᠃ ᠳᠡᠯᠡᠬᠡᠢ ᠵᠢᠨ ᠤᠰᠤᠨ ᠪ ᠨᠥᠭᠡᠴᠡ ᠵᠢᠨ ᠭᠷᠦ᠋ᠫ ᠨᠢ ᠲᠥᠷᠦ᠂ ᠬᠤᠪᠢ ᠵᠢᠨ ᠬᠡᠪᠰᠢᠯ ᠂ ᠢᠷᠭᠡᠨ ᠪ ᠨᠡᠢᠢᠭᠡᠮ ᠤᠨ  ᠪᠠᠶᠢᠭᠤᠯᠤᠯᠭ᠎ᠠ ᠵᠢᠨ ᠲᠦᠩᠰᠢᠯᠡᠯ ᠪᠥᠭᠡᠳ 2030 ᠣᠨ ᠭᠡᠬᠦ ᠳ᠋ᠦ ᠳᠡᠯᠡᠬᠡᠢ ᠵᠢᠨ ᠤᠯᠤᠰ ᠣᠷᠤᠨ ᠨᠤᠭᠤᠳ ᠤᠨ ᠤᠰᠤᠨ ᠪ ᠡ‍ᠷᠢᠯᠲᠡ ᠨᠡᠢᠢᠯᠡᠭᠦᠯᠦᠯᠲᠡ ᠵᠢ ᠲᠡᠩᠴᠡᠪᠦᠷᠢᠵᠢᠭᠦᠯᠬᠦ ᠵᠤᠷᠢᠯᠭ᠎ᠠ ᠲᠠᠢ ᠠᠵᠢᠯᠯᠠᠳᠠᠭ ᠶᠤᠮ ᠃ ᠨᠤᠶᠠᠨ ᠫᠣᠯ  ᠪᠠᠯᠺᠸ ᠮᠤᠩᠭᠤᠯ ᠤᠯᠤᠰ ᠤᠰᠤᠨ ᠪ ᠲᠤᠬᠠᠢ ᠬᠠᠤᠯᠢ ᠵᠢ ᠪᠠᠲᠤᠯᠠᠭᠰᠠᠨ ᠶᠠᠪᠤᠳᠠᠯ ᠳᠤ ᠪᠠᠶᠠᠷ ᠬᠦᠷᠭᠡᠵᠦ ᠂ ᠡ‍ᠨᠡ ᠬᠠᠤᠯᠢ ᠵᠢ ᠪᠠᠲᠤᠯᠠᠭᠤᠯᠬᠤ ᠳᠤ ᠣᠯᠠᠨ ᠲᠠᠯ᠎ᠠ ᠡᠴᠠ ᠨᠢ ᠳᠡᠮᠵᠢᠵᠦ ᠂ ᠮᠠᠩᠯᠠᠢᠢᠯᠠᠯ ᠦᠵᠡᠭᠦᠯᠦᠭᠰᠡᠨ ᠮᠤᠩᠭᠤᠯ ᠤᠯᠤᠰ ᠤᠨ ᠶᠡᠷᠦᠩᠬᠡᠢᠢᠯᠡᠭᠴᠢ ᠬ᠊·ᠪᠠᠲᠤᠲᠤᠯᠭ᠎ᠠ ᠳᠤ ᠭᠦᠨ ᠲᠠᠯᠠᠷᠬᠠᠯ ᠢᠯᠡᠷᠬᠡᠢᠢᠯᠡᠯ᠎ᠡ ᠃

ᠮᠤᠩᠭᠤᠯ ᠤᠯᠤᠰ ᠤᠨ ᠶᠡᠷᠦᠩᠬᠡᠢᠢᠯᠡᠭᠴᠢ ᠬ᠊·ᠪᠠᠲᠤᠲᠤᠯᠭ᠎ᠠ ᠬᠠᠤᠯᠢ ᠪᠠᠲᠤᠯᠠᠭᠳᠠᠭᠰᠠᠨ ᠵᠢᠨᠷ ᠣᠯᠠᠨ ᠶᠠᠮᠤᠨ ᠠᠭ᠍ᠸᠨᠲᠯᠢᠭ᠌ ᠲᠤ ᠲᠥᠪᠯᠡᠷᠡᠳᠡᠭ ᠪᠠᠢᠢᠭᠰᠠᠨ ᠤᠰᠤᠨ ᠪ ᠠᠰᠠᠭᠤᠳᠠᠯ ᠢ ᠶᠡᠷᠦᠩᠬᠡᠢᠢᠯᠡᠨ ᠬᠠᠷᠢᠭᠤᠴᠠᠬᠤ ᠤᠰᠤᠨ ᠪ ᠠᠭ᠍ᠸᠨᠲᠯᠢᠭ᠌ ᠲᠠᠢ ᠪᠣᠯᠤᠭᠰᠠᠨ ᠭᠡᠳᠡᠭ ᠢ ᠲᠤᠳᠤᠳᠬᠠᠭᠰᠠᠨ ᠪᠥᠭᠡᠳ ᠡ‍ᠨᠡ ᠨᠢ ᠣᠯᠠᠨ ᠤᠯᠤᠰ ᠲᠤ ᠵᠢᠱᠢᠭ ᠪᠣᠯᠬᠤᠢᠢᠴᠠ ᠪᠣᠳᠤᠯᠭ᠎ᠠ ᠵᠢᠨ ᠥᠭᠡᠷᠡᠴᠢᠯᠡᠯᠲᠡ ᠪᠣᠯᠤᠭᠰᠠᠨ ᠬᠡᠮᠡᠨ ᠨᠤᠶᠠᠨ ᠫᠣᠯ  ᠪᠠᠯᠺᠸ ᠳ᠋ᠦᠩᠨᠡᠭᠰᠡᠨ ᠶᠤᠮ ᠃ ᠤᠯᠠᠮ ᠵᠢᠨᠷ ᠳᠡᠯᠡᠬᠡᠢ ᠵᠢᠨ ᠤᠰᠤᠨ ᠪ ᠨᠥᠭᠡᠴᠡ ᠵᠢᠨ ᠭᠷᠦ᠋ᠫ ᠡ‍ᠨᠡ ᠣᠨ ᠳᠤ ᠮᠠᠨ ᠪ ᠤᠯᠤᠰ ᠤᠷᠤᠭᠤ ᠠᠵᠢᠯ ᠤᠨ ᠬᠡᠰᠡᠭ ᠢᠯᠡᠭᠡᠵᠦ ᠂ ᠬᠠᠤᠯᠢ ᠵᠢᠨ ᠥᠭᠡᠷᠡᠴᠢᠯᠡᠯᠲᠡ᠂ ᠦᠷ᠎ᠡ ᠳ᠋ᠦᠩ ᠢ ᠰᠤᠳᠤᠯᠬᠤ ᠵᠡᠷᠭᠡ ᠪᠡᠷ ᠬᠠᠮᠲᠤᠷᠠᠨ ᠠᠵᠢᠯᠯᠠᠬᠤ ᠪᠡᠷ ᠪᠣᠯᠪᠠ᠃ ᠠᠭᠤᠯᠵᠠᠯᠲᠠ ᠪᠡᠷ ᠲᠠᠯ᠎ᠠ ᠨᠤᠭᠤᠳ ᠠᠭᠤᠯᠠ ᠠᠭᠤᠷᠬᠠᠢ ᠳ᠋ᠤ  ᠭᠠᠳᠠᠷᠭᠤ ᠶᠢᠨ ᠤᠰᠤ ᠠᠰᠢᠭᠯᠠᠬᠤ ᠂ ᠰᠠᠭᠠᠷᠠᠯ ᠤᠰᠤ ᠂ ᠴᠠᠰᠤ ᠂ ᠪᠣᠷᠤᠭᠠᠨ ᠪ ᠤᠰᠤ ᠵᠢ ᠬᠤᠷᠠᠮᠲᠤᠯᠠᠭᠤᠯᠤᠨ ᠠᠰᠢᠭᠯᠠᠬᠤ ᠠᠰᠠᠭᠤᠳᠠᠯ ᠵᠢᠨᠷ ᠰᠠᠨᠠᠯ ᠰᠤᠯᠢᠯᠴᠠᠵᠤ ᠂ ᠮᠤᠩᠭᠤᠯ ᠤᠯᠤᠰ ᠳᠡᠭᠡᠷᠡᠬᠢ ᠠᠰᠠᠭᠤᠳᠠᠯ  ᠤᠨ ᠬᠦᠷᠢᠶᠡᠨ ᠳ᠋ᠦ ᠰᠡᠭᠦᠯ  ᠤᠨ ᠦᠶ᠎ᠡ ᠵᠢᠨ ᠲᠧᠭᠨᠤᠯᠤᠭᠢ ᠨᠤᠲᠤᠭᠰᠢᠭᠤᠯᠬᠤ ᠵᠤᠷᠢᠯᠭ᠎ᠠ ᠲᠠᠢ ᠪᠠᠢᠢᠭ᠎ᠠ ᠪᠠᠨ ᠬᠡᠯᠡᠯ᠎ᠡ ᠃

ᠰᠡᠳᠬᠢᠭᠳᠡᠯ ᠦᠯᠡᠳᠡᠭᠡᠬᠦ