ᠪ᠊·ᠮᠥᠩᠭᠥᠨᠲᠤᠤᠯᠠ ᠣᠯᠠᠨ ᠤᠯᠤᠰ ᠤᠨ ᠲᠡᠮᠡᠴᠡᠭᠡᠨ ᠳ᠋ᠦ ᠲᠦᠷᠦᠭᠦᠯᠡᠯ᠎ᠡ | News.MN

ᠪ᠊·ᠮᠥᠩᠭᠥᠨᠲᠤᠤᠯᠠ ᠣᠯᠠᠨ ᠤᠯᠤᠰ ᠤᠨ ᠲᠡᠮᠡᠴᠡᠭᠡᠨ ᠳ᠋ᠦ ᠲᠦᠷᠦᠭᠦᠯᠡᠯ᠎ᠡ

ᠰᠢᠲᠠᠷ᠎ᠠ ᠵᠢᠨ ᠶᠡᠬᠡ ᠮᠠᠰᠲ᠋ᠧᠷ ᠪ᠊·ᠮᠥᠩᠭᠥᠨᠲᠤᠤᠯᠠ ᠡ‍ᠨᠡ ᠰᠠᠷ᠎ᠠ ᠵᠢᠨ 12 – 18 ᠪ ᠡ‍ᠳᠦᠷ  ᠤᠳ  ᠲᠦ ᠬᠢᠲᠠᠳ ᠤᠨ ᠲᠢᠶᠠᠨᠵᠢᠨ ᠬᠤᠲᠠᠨ᠎ᠠ ᠬᠤᠶᠠᠳᠠᠭᠢ ᠤᠳᠠᠭ᠎ᠠ ᠪᠠᠨ ᠵᠤᠬᠢᠶᠠᠨ ᠪᠠᠢᠢᠭᠤᠯᠤᠭᠳᠠᠭᠰᠠᠨ  Binhai Chess Open ᠣᠯᠠᠨ ᠤᠯᠤᠰ ᠤᠨ ᠨᠡᠭᠡᠭᠡᠯᠲᠡ ᠲᠠᠢ ᠲᠡᠮᠡᠴᠡᠭᠡᠨ ᠳ᠋ᠦ ᠲᠦᠷᠦᠭᠦᠯᠡᠯ᠎ᠡ ᠃

ᠪ᠊·ᠮᠥᠩᠭᠥᠨᠲᠤᠤᠯᠠ ᠲᠠᠪᠤᠨ ᠨᠠᠰᠤᠲᠠᠢ ᠳ᠋ᠤ ᠪᠠᠨ ᠰᠢᠲᠠᠷ᠎ᠠ ᠵᠢᠨ ᠰᠫᠣᠷᠲ ᠵᠢᠨᠷ ᠬᠢᠴᠢᠶᠡᠯᠯᠡᠵᠦ ᠡ‍ᠬᠢᠯᠡᠭᠰᠡᠨ ᠪᠥᠭᠡᠳ ᠥᠰᠪᠦᠷᠢ ᠵᠢᠨ ᠳᠡᠯᠡᠬᠡᠢ ᠵᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡ‍ᠴᠡ ᠮᠤᠩᠭᠤᠯ ᠤᠯᠤᠰ ᠤᠨ ᠠᠩᠬᠠᠨ ᠪ ᠬᠦᠷᠡᠯ ᠂ ᠮᠥᠩᠭᠥᠨ ᠮᠸᠳᠠᠯ ᠢ ᠡ‍ᠬᠡ ᠣᠷᠤᠨ ᠳᠤ ᠪᠠᠨ ᠠᠪᠴᠤ ᠢᠷᠠᠵᠤ ᠂ 2008 ᠣᠨ ᠳᠤ ᠨᠠᠰᠤᠨ ᠳᠤ ᠬᠦᠷᠦᠭᠰᠡᠳ ᠦᠨ ᠳᠡᠯᠡᠬᠡᠢ ᠵᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳ᠋ᠦ ᠡ‍ᠬᠡ ᠣᠷᠤᠨ ᠵᠢᠨᠨ ᠲᠥᠯᠦᠭᠡᠯᠡᠨ ᠠᠩᠬ᠎ᠠ ᠤᠳᠠᠭ᠎ᠠ ᠣᠷᠤᠯᠴᠠᠵᠤ ᠪᠠᠢᠢᠭᠰᠠᠨ ᠶᠤᠮ ᠃ ᠮᠥᠨ ᠲᠤᠰ ᠨᠡᠭᠡᠭᠡᠯᠲᠡ ᠲᠠᠢ ᠲᠡᠮᠡᠴᠡᠭᠡᠨ ᠳ᠋ᠦ ᠮᠤᠩᠭᠤᠯ ᠤᠨ ᠰᠢᠲᠠᠷ᠎ᠠ ᠵᠢᠨ ᠶᠡᠬᠡ ᠮᠠᠰᠲ᠋ᠧᠷ ᠴ᠊·ᠪᠠᠲᠤᠴᠢᠯᠠᠭᠤᠨ ᠣᠷᠤᠯᠴᠠᠵᠤ᠂ ᠲᠠᠪᠤᠳᠤᠭᠠᠷ ᠪᠠᠢᠢᠷᠢ ᠡ‍ᠵᠡᠯᠡᠭᠰᠡᠨ ᠪᠠᠢᠢᠨ᠎ᠠ᠃

ᠰᠡᠳᠬᠢᠭᠳᠡᠯ ᠦᠯᠡᠳᠡᠭᠡᠬᠦ