ᠣᠯᠢᠮᠫᠢᠺ ᠤᠨ ᠡ‍ᠷᠬᠡ ᠵᠢᠨ ᠲᠡᠮᠡᠴᠡᠭᠡᠨ ᠶᠤᠷᠳᠠᠨ ᠳᠤ ᠪᠣᠯᠤᠨ᠎ᠠ | News.MN

ᠣᠯᠢᠮᠫᠢᠺ ᠤᠨ ᠡ‍ᠷᠬᠡ ᠵᠢᠨ ᠲᠡᠮᠡᠴᠡᠭᠡᠨ ᠶᠤᠷᠳᠠᠨ ᠳᠤ ᠪᠣᠯᠤᠨ᠎ᠠ

︽ᠲᠤᠤᠺᠢᠣ᠋ – 2020︾ ᠣᠯᠢᠮᠫᠢᠺ ᠤᠨ ᠠᠽᠢᠶ᠎ᠠ ᠂ ᠳᠠᠯᠠᠢ ᠵᠢᠨ ᠣᠷᠤᠨ ᠨᠤᠭᠤᠳ ᠤᠨ ᠪᠣᠺᠰ ᠤᠨ ᠡ‍ᠷᠬᠡ ᠣᠯᠭᠤᠬᠤ ᠲᠡᠮᠡᠴᠡᠭᠡᠨ ᠭᠤᠷᠪᠠᠳᠤᠭᠠᠷ ᠰᠠᠷ᠎ᠠ ᠵᠢᠨ 3 – 11  ᠳᠤ  ᠶᠤᠷᠳᠠᠨ ᠤ ᠨᠡᠢᠢᠰᠯᠡᠯ ᠠᠮᠮᠠᠨ ᠬᠤᠲᠠ ᠳᠤ ᠵᠤᠬᠢᠶᠠᠭᠳᠠᠬᠤ ᠪᠠᠷ ᠪᠣᠯᠤᠯ᠎ᠠ᠃ ᠤᠭ ᠲᠡᠮᠡᠴᠡᠭᠡᠨ ᠢ ᠬᠢᠲᠠᠳ ᠤᠨ ᠦᠬᠠᠨ ᠬᠤᠲᠠ ᠬᠦᠯᠢᠶᠡᠨ ᠠᠪᠬᠤ ᠪᠡᠷ ᠪᠡᠯᠡᠳᠴᠦ ᠪᠠᠢᠢᠭᠰᠠᠨ ᠪᠣᠯᠪᠠᠴᠤ  ᠺᠤᠷᠤᠨᠠ ᠸᠢᠷᠦ᠋ᠰ ᠦᠨ ᠲᠠᠷᠬᠠᠯᠲᠠ ᠡᠴᠠ ᠪᠣᠯᠵᠤ ᠴᠤᠴᠠᠯᠠᠭᠳᠠᠭᠰᠠᠨ ᠪᠢᠯᠡ ᠃ ᠠᠷᠠᠪ ᠤᠨ ᠲᠡᠮᠡᠴᠡᠭᠡᠨ ᠡ‍ᠴᠡ ᠬᠥᠩᠭᠡᠨ ᠵᠢᠩ ᠳ᠋ᠦ ᠡ‍ᠬᠢᠨ ᠪ ᠵᠢᠷᠭᠤᠭ᠎ᠠ ᠂ ᠳᠤᠮᠳᠠ ᠵᠢᠩ ᠳ᠋ᠦ ᠡ‍ᠬᠢᠨ ᠪ ᠲᠠᠪᠤ ᠂ ᠬᠦᠨᠳᠦ ᠵᠢᠩ ᠳ᠋ᠦ ᠡ‍ᠬᠢᠨ ᠪ ᠳᠥᠷᠪᠡᠨ ᠪᠠᠢᠢᠷᠢ ᠡ‍ᠵᠡᠯᠡᠭᠰᠡᠨ ᠲᠠᠮᠢᠷᠴᠢᠳ ᠲᠤ ︽ᠲᠤᠤᠺᠢᠣ᠋ – 2020︾  ᠳᠤ ᠲᠤᠯᠤᠯᠳᠤᠬᠤ ᠡ‍ᠷᠬᠡ ᠣᠯᠭᠤᠨ᠎ᠠ᠃ ᠬᠡᠷᠪᠡ ᠠᠮᠮᠠᠨ ᠳᠤ ᠣᠯᠢᠮᠫᠢᠺ ᠤᠨ ᠡ‍ᠷᠬᠡ ᠠᠪᠴᠤ ᠴᠢᠳᠠᠯ ᠦᠭᠡᠢ ᠥᠩᠭᠡᠷᠡᠪᠡᠯ ᠲᠠᠪᠤᠳᠤᠭᠠᠷ ᠰᠠᠷ᠎ᠠ ᠳᠤ ᠫᠠᠷᠢᠰ ᠬᠤᠲᠠᠨ᠎ᠠ ᠴᠤᠭᠯᠠᠷᠠᠵᠤ ᠂ ᠣᠯᠢᠮᠫᠢᠺ ᠤᠨ ᠦᠯᠡᠳᠡᠭᠰᠡᠨ ᠡ‍ᠷᠬᠡ ᠵᠢᠨ ᠲᠥᠯᠦᠭᠡ ᠰᠢᠷᠢᠨ  ᠪᠡᠭᠡᠯᠡᠶᠢᠲᠡᠳ ᠶᠤᠰᠤᠲᠠᠢ ︽ᠨᠢᠭᠡ ᠪᠡᠨ ᠦᠵᠡᠵᠦ ᠂ ᠨᠡᠬᠡᠢ ᠳᠡᠪᠡᠯ ᠵᠢᠨᠨ ᠤᠷᠠᠯᠴᠠᠨ᠎ᠠ︾ ᠃

ᠮᠤᠩᠭᠤᠯ  ᠪᠣᠺᠰᠴᠢᠳ 1972 – 2016 ᠣᠨ ᠪ ᠬᠤᠭᠤᠷᠤᠨᠳᠤ ᠣᠯᠢᠮᠫᠢᠺ ᠤᠨ ᠨᠠᠭᠠᠳᠤᠮ ᠲᠦ ᠨᠡᠢᠢᠲᠡ 11 ᠤᠳᠠᠭ᠎ᠠ ᠰᠢᠷᠢᠨ ᠪᠡᠭᠡᠯᠡᠢ ᠪᠡᠨ ᠵᠥᠷᠢᠭᠦᠯᠵᠦ ᠂ ᠨᠢᠭᠡ ᠠᠯᠲᠠ ᠂ ᠭᠤᠷᠪᠠᠨ ᠮᠥᠩᠭᠥ ᠂ ᠭᠤᠷᠪᠠᠨ ᠬᠦᠷᠡᠯ ᠮᠧᠳᠠᠯ ᠬᠦᠷᠲᠡᠭᠰᠡᠨ ᠲᠡᠦᠬᠡ ᠲᠠᠢ ᠃ ᠬᠠᠷᠢᠨ ᠲᠤᠬᠠᠢ ᠵᠢᠨ ᠴᠠᠭ ᠦᠶ᠎ᠡ ᠡ‍ᠴᠡ ᠪᠡᠨ ᠪᠣᠯᠵᠤ 1984 ᠣᠨ ᠳᠦ ᠣᠯᠢᠮᠫᠢᠺ ᠲᠤ ᠣᠷᠤᠭ᠎ᠠ ᠦᠭᠡᠢ ᠲᠡᠦᠬᠡ ᠪᠤᠢ ᠃

 

ᠰᠡᠳᠬᠢᠭᠳᠡᠯ ᠦᠯᠡᠳᠡᠭᠡᠬᠦ