ᠨᠤᠤᠰᠣ ᠨᠤᠯᠤᠤᠷ ᠢ ᠢᠲ᠋ᠠᠯᠢ ᠲᠸᠭ᠍ᠨᠤᠯᠦᠭᠢ ᠪᠠᠷ ᠪᠤᠯᠪᠠᠰᠤᠷᠠᠭᠤᠯᠤᠨ᠎ᠠ | News.MN

ᠨᠤᠤᠰᠣ ᠨᠤᠯᠤᠤᠷ ᠢ ᠢᠲ᠋ᠠᠯᠢ ᠲᠸᠭ᠍ᠨᠤᠯᠦᠭᠢ ᠪᠠᠷ ᠪᠤᠯᠪᠠᠰᠤᠷᠠᠭᠤᠯᠤᠨ᠎ᠠ

ᠭᠠᠳᠠᠭᠠᠳᠤ ᠬᠠᠷᠢᠯᠴᠠᠭᠠᠨ ᠪ ᠰᠠᠢᠢᠳ ᠳ᠋᠊ · ᠴᠤᠭᠲᠤᠪᠠᠭᠠᠲᠤᠷ ᠰᠢᠨ᠎ᠡ ᠪᠡᠷ ᠲᠤᠮᠢᠯᠠᠭᠳᠠᠨ ᠢᠷᠡᠭᠰᠡᠨ ᠢᠲ᠋ᠠᠯᠢ ᠤᠯᠤᠰ ᠤᠨ ᠡ‍ᠯᠴᠢᠨ ᠰᠠᠢᠢᠳ  ᠯᠠᠤᠷᠠ ᠪᠤᠲᠲ᠋ᠠ ᠲᠠᠢ ᠮᠤᠩᠭᠤᠯ᠂ ᠢᠲ᠋ᠠᠯᠢ ᠵᠢᠨ ᠬᠠᠷᠢᠯᠴᠠᠭ᠎ᠠ᠂ ᠬᠠᠮᠲᠤ ᠵᠢᠨ ᠠᠵᠢᠯᠯᠠᠭ᠎ᠠ ᠵᠢ ᠬᠥᠭᠵᠢᠭᠦᠯᠬᠦ ᠳ᠋ᠦ ᠬᠠᠮᠲᠤᠷᠠᠨ ᠠᠵᠢᠯᠯᠠᠬᠤ ᠪᠡᠷ ᠪᠣᠯᠤᠭᠰᠠᠨ ᠳᠤ ᠪᠠᠶᠠᠷ ᠲᠠᠢ ᠪᠠᠢᠢᠭ᠎ᠠ ᠪᠠᠨ ᠢᠯᠡᠷᠬᠡᠢᠢᠯᠡᠵᠦ᠂ ᠮᠤᠩᠭᠤᠯ ᠤᠯᠤᠰ ᠤᠨ ᠵᠠᠰᠠᠭ ᠤᠨ ᠭᠠᠵᠠᠷ ᠡᠴᠠ ᠪᠠᠷᠢᠮᠲᠠᠯᠠᠵᠤ ᠪᠤᠢ ᠪᠣᠳᠤᠯᠭ᠎ᠠ᠂ ᠲᠡᠷᠢᠭᠦᠯᠡᠬᠦ ᠴᠢᠭᠯᠡᠯ᠂ ᠭᠠᠳᠠᠭᠠᠳᠤ ᠬᠤᠳᠠᠯᠳᠤᠭᠠᠨ ᠪ ᠥᠨᠦ ᠵᠢᠨ ᠪᠠᠢᠢᠳᠠᠯ ᠤᠨ ᠲᠠᠯ᠎ᠠ ᠪᠡᠷ ᠲᠠᠨᠢᠯᠴᠠᠭᠤᠯᠪᠠ ᠃

ᠬᠤᠶᠠᠷ ᠤᠯᠤᠰ ᠤᠨ ᠬᠠᠷᠢᠯᠴᠠᠭ᠎ᠠ ᠂ ᠬᠠᠮᠲᠤ ᠵᠢᠨ ᠠᠵᠢᠯᠯᠠᠭ᠎ᠠ ᠵᠢ ᠡ‍ᠳ᠋ ᠤᠨ ᠵᠠᠰᠠᠭ ᠤᠨ ᠠᠭᠤᠯᠭ᠎ᠠ ᠪᠠᠷ ᠪᠠᠶᠠᠵᠢᠭᠤᠯᠬᠤ ᠂ ᠮᠤᠩᠭᠤᠯ ᠤᠨ ᠠᠷᠠᠰᠤ ᠰᠢᠷᠢ ᠂ ᠨᠤᠤᠰᠣ  ᠨᠤᠯᠤᠤᠷ  ᠢ ᠢᠲ᠋ᠠᠯᠢ ᠵᠢᠨ ᠥᠨᠳᠦᠷ ᠲᠸᠭ᠍ᠨᠤᠯᠦᠭᠢ ᠲᠠᠢ ᠬᠤᠤᠰᠯᠠᠭᠤᠯᠤᠨ ᠨᠡᠮᠡᠭᠦᠦ ᠥᠷᠲᠡᠭ ᠰᠢᠩᠭᠡᠭᠰᠡᠨ ᠪᠦᠲᠦᠭᠡᠭᠳᠡᠬᠦᠨ ᠪᠣᠯᠪᠠᠰᠤᠷᠠᠭᠤᠯᠵᠤ ᠂ ᠭᠤᠷᠪᠠᠳᠠᠭᠴᠢ ᠵᠠᠬ᠎ᠠ ᠵᠡᠭᠡᠯᠢ ᠳ᠋ᠦ ᠭᠠᠷᠭᠠᠬᠤ ᠴᠢᠭᠯᠡᠯ ᠵᠢᠨᠷ ᠠᠵᠢᠯᠯᠠᠬᠤ ᠪᠡᠷ ᠲᠠᠯ᠎ᠠ ᠨᠤᠭᠤᠳ ᠲᠤᠬᠢᠷᠠᠯᠴᠠᠯ᠎ᠠ ᠃

ᠥᠩᠭᠡᠷᠡᠭᠰᠡᠨ ᠣᠨ ᠪ 2 ᠳ᠋ᠤᠭᠠᠷ ᠰᠠᠷ᠎ᠠ ᠳᠤ ᠨᠡᠬᠡᠮᠡᠯ ᠤᠨ ᠰᠠᠯᠪᠤᠷᠢ ᠳᠤ ᠬᠠᠮᠲᠤᠷᠠᠨ ᠠᠵᠢᠯᠯᠠᠬᠤ ᠲᠤᠬᠠᠢ ᠡ‍ᠷᠡᠮᠡᠯᠵᠡᠯᠡᠬᠦ ᠪᠢᠴᠢᠭ ᠲᠦ ᠲᠠᠯ᠎ᠠ ᠨᠤᠭᠤᠳ ᠭᠠᠷ ᠤᠨ ᠦᠰᠦᠭ ᠵᠢᠷᠤᠭᠰᠠᠨ ᠵᠢᠨᠷ ᠮᠤᠩᠭᠤᠯ ᠂ ᠢᠲ᠋ᠠᠯᠢ ᠵᠢᠨ ᠨᠡᠬᠡᠮᠡᠯ ᠤᠨ ᠲᠧᠭᠨᠤᠯᠤᠭᠢ ᠵᠢᠨ ᠲᠥᠪ ᠢ ᠮᠤᠩᠭᠤᠯ ᠤᠯᠤᠰ  ᠲᠤ ᠪᠠᠢᠢᠭᠤᠯᠬᠤ ᠡ‍ᠷᠬᠡ ᠵᠦᠢ ᠵᠢᠨ ᠪᠣᠯᠤᠮᠵᠢ ᠪᠦᠷᠢᠳᠦᠭᠰᠡᠨ ᠃ ᠡ‍ᠭᠦᠨ ᠢ ᠠᠵᠢᠯ ᠬᠡᠷᠡᠭ ᠪᠣᠯᠭᠠᠬᠤ ᠪᠡᠷ ᠦᠷᠭᠦᠯᠵᠢᠯᠡᠭᠦᠯᠦᠨ ᠠᠵᠢᠯᠯᠠᠬᠤ ᠵᠢᠨ ᠵᠡᠷᠭᠡᠴᠡᠭᠡ ᠡ‍ᠺᠰᠫᠣᠷᠲ ᠤᠨ ᠪᠠᠷᠠᠭᠠᠨ ᠪ ᠭᠠᠷᠤᠯ ᠡ‍ᠭᠦᠰᠦᠯ ᠢ ᠲᠤᠳᠤᠷᠬᠠᠢᠢᠯᠠᠬᠤ ᠂ ᠭᠠᠷᠤᠯ ᠡ‍ᠭᠦᠰᠦᠯ ᠤᠨ ᠭᠡᠷᠡᠴᠢᠯᠡᠭᠡ ᠣᠯᠭᠤᠬᠤ ᠲᠤᠭᠲᠠᠯᠴᠠᠭ᠎ᠠ ᠵᠢ ᠰᠠᠢᠢᠵᠢᠷᠠᠭᠤᠯᠬᠤ  ᠳᠤ ᠳᠡᠮᠵᠢᠯᠭᠡ ᠦᠵᠡᠭᠦᠯᠬᠦ ᠪᠠᠨ ᠡ‍ᠯᠴᠢᠨ ᠰᠠᠢᠢᠳ ᠯ᠊·ᠪᠤᠲᠲ᠋ᠠ ᠢᠯᠡᠷᠬᠡᠢᠢᠯᠡᠪᠡ ᠃

 

ᠰᠡᠳᠬᠢᠭᠳᠡᠯ ᠦᠯᠡᠳᠡᠭᠡᠬᠦ