ᠪᠣᠺᠰᠴᠢᠳ ᠣᠯᠠᠨ ᠤᠯᠤᠰ ᠤᠨ ᠲᠡᠮᠡᠴᠡᠭᠡᠨ ᠳ᠋ᠦ ᠠᠮᠵᠢᠯᠲᠠᠲᠠᠢ ᠣᠷᠤᠯᠴᠠᠯ᠎ᠠ | News.MN

ᠪᠣᠺᠰᠴᠢᠳ ᠣᠯᠠᠨ ᠤᠯᠤᠰ ᠤᠨ ᠲᠡᠮᠡᠴᠡᠭᠡᠨ ᠳ᠋ᠦ ᠠᠮᠵᠢᠯᠲᠠᠲᠠᠢ ᠣᠷᠤᠯᠴᠠᠯ᠎ᠠ

 

ᠣᠨᠴᠠᠭᠠᠢ ᠪᠠᠢᠢᠳᠠᠯ ᠤᠨ ᠶᠡᠷᠦᠩᠬᠡᠢ ᠭᠠᠵᠠᠷ ᠤᠨ ᠬᠠᠷᠢᠶ᠎ᠠ ︽ᠠᠪᠤᠷᠠᠭᠴᠢ︾ ᠪᠡᠶ᠎ᠡ ᠵᠢᠨ ᠲᠠᠮᠢᠷ ᠲᠧᠭᠨᠢᠭ ᠰᠫᠣᠷᠲ ᠬᠤᠷᠢᠶᠠᠨ ᠪ ᠪᠣᠺᠰ ᠤᠨ ᠰᠢᠭᠰᠢᠭᠡ ᠪᠠᠭ ᠤᠨ ᠲᠠᠮᠢᠷᠴᠢᠳ ᠲᠦᠷᠺ ᠤᠯᠤᠰ ᠤᠨ  ᠢᠰᠲ᠋ᠠᠨᠪᠤᠯ ᠬᠤᠲᠠᠨ᠎ᠠ ᠵᠤᠬᠢᠶᠠᠨ ᠪᠠᠢᠢᠭᠤᠯᠤᠭᠳᠠᠭᠰᠠᠨ ᠣᠯᠠᠨ ᠤᠯᠤᠰ ᠤᠨ ᠲᠡᠮᠡᠴᠡᠭᠡᠨ ᠡ‍ᠴᠡ ᠨᠢᠭᠡ ᠠᠯᠲᠠ ᠂ ᠬᠤᠶᠠᠷ ᠮᠥᠩᠭᠥ ᠂ ᠨᠢᠭᠡ ᠬᠦᠷᠡᠯ ᠮᠧᠳᠠᠯ ᠬᠦᠷᠲᠡᠯ᠎ᠡ ᠃

ᠲᠤᠳᠤᠷᠠᠭᠤᠯᠪᠠᠯ ᠂ ᠡ‍ᠮᠡᠭᠲᠡᠢᠢᠴᠦᠳ ᠤᠨ 51 ᠺᠢᠯᠦᠭᠷᠡᠮ ᠦᠨ ᠵᠢᠩ ᠳ᠋ᠦ ᠯ᠊·ᠠᠯᠲᠠᠨᠴᠡᠴᠡᠭ ᠬᠦᠷᠡᠯ ᠂ 69  ᠺᠢᠯᠦᠭᠷᠡᠮ ᠦᠨ ᠵᠢᠩ ᠳ᠋ᠦ ᠤ᠊·ᠰᠢᠨᠡᠴᠡᠴᠡᠭ᠂ 75  ᠺᠢᠯᠦᠭᠷᠡᠮ ᠦᠨ ᠵᠢᠩ ᠳ᠋ᠦ ᠮ᠊·ᠮᠢᠭᠮᠠᠷᠵᠢᠷᠭᠠᠯ ᠲᠤᠰ ᠲᠤᠰ ᠮᠥᠩᠭᠥ ᠂ ᠡ‍ᠷᠡᠭᠲᠡᠢᠢᠴᠦᠳ ᠤᠨ 75  ᠺᠢᠯᠦᠭᠷᠡᠮ ᠦᠨ ᠵᠢᠩ ᠳ᠋ᠦ ᠣ᠊·ᠪᠢᠮᠪᠠ – ᠡ‍ᠷᠳᠡᠨᠢ ᠠᠯᠲᠠᠨ ᠮᠸᠳᠠᠯ ᠤᠨ ᠡᠵᠡᠨ ᠪᠣᠯᠤᠯ᠎ᠠ᠃ ᠡ‍ᠨᠡ ᠰᠠᠷ᠎ᠠ ᠵᠢᠨ 13 – 18 ᠪ ᠡ‍ᠳᠦᠷ ᠤᠳ ᠲᠦ ᠵᠤᠬᠢᠶᠠᠨ ᠪᠠᠢᠢᠭᠤᠯᠤᠭᠳᠠᠭᠰᠠᠨ ᠲᠤᠰ ᠲᠡᠮᠡᠴᠡᠭᠡᠨ ᠳ᠋ᠦ 24 ᠣᠷᠤᠨ ᠪ 200 ᠭᠠᠷᠤᠢ ᠲᠠᠮᠢᠷᠴᠢᠨ ᠣᠷᠤᠯᠴᠠᠭᠰᠠᠨ ᠪᠠᠢᠢᠨ᠎ᠠ ᠭᠡᠵᠦ ᠣᠨᠴᠠᠭᠠᠢ ᠪᠠᠢᠢᠳᠠᠯ ᠤᠨ ᠶᠡᠷᠦᠩᠬᠡᠢ ᠭᠠᠵᠠᠷ  ᠤᠨ ᠬᠠᠷᠢᠶ᠎ᠠ ︽ᠠᠪᠤᠷᠠᠭᠴᠢ︾ ᠪᠡᠶ᠎ᠡ ᠵᠢᠨ ᠲᠠᠮᠢᠷ ᠂ ᠲᠧᠭᠨᠢᠭ ᠰᠫᠣᠷᠲ ᠬᠤᠷᠢᠶᠠᠨ ᠡᠴᠠ ᠮᠡᠳᠡᠭᠡᠯᠡᠯ᠎ᠡ ᠃

ᠰᠡᠳᠬᠢᠭᠳᠡᠯ ᠦᠯᠡᠳᠡᠭᠡᠬᠦ