ᠵᠠᠷᠤᠳᠠᠯ ᠦᠭᠡᠢ ᠪᠡᠷ ᠰᠤᠩᠭᠤᠭᠤᠯᠢ ᠳᠦ ᠣᠷᠤᠯᠴᠠᠨ᠎ᠠ ᠭᠡᠵᠦ ᠣᠭᠲᠣ ᠪᠠᠢᠢᠬᠤ ᠦᠭᠡᠢ | News.MN

ᠵᠠᠷᠤᠳᠠᠯ ᠦᠭᠡᠢ ᠪᠡᠷ ᠰᠤᠩᠭᠤᠭᠤᠯᠢ ᠳᠦ ᠣᠷᠤᠯᠴᠠᠨ᠎ᠠ ᠭᠡᠵᠦ ᠣᠭᠲᠣ ᠪᠠᠢᠢᠬᠤ ᠦᠭᠡᠢ

ᠶᠡᠷᠦᠩᠬᠡᠢᠢᠯᠡᠭᠴᠢ ᠵᠢᠨ ᠲᠠᠮᠠᠭ᠎ᠠ ᠵᠢᠨ ᠭᠠᠵᠠᠷ ᠤᠨ ᠳᠠᠷᠤᠭ᠎ᠠ ᠽ·ᠡ‍ᠩᠬᠡᠪᠣᠯᠤᠳ ᠴᠠᠭ ᠦᠶ᠎ᠡ ᠵᠢᠨ ᠠᠰᠠᠭᠤᠳᠠᠯ ᠵᠢᠨᠷ ᠮᠡᠳᠡᠭᠡᠯᠡᠯ ᠬᠢᠯ᠎ᠡ ᠃

– ᠶᠡᠷᠦᠩᠬᠡᠢᠢᠯᠡᠭᠴᠢ ᠵᠢᠨ ᠡ‍ᠨᠡ ᠤᠳᠠᠭᠠᠨ ᠪ ᠠᠢᠢᠯᠴᠢᠯᠠᠯ ᠠᠯᠪᠠᠨ ᠶᠤᠰᠤᠨ ᠪ ᠬᠢ ᠦᠦ ︖

– ᠶᠡᠷᠦᠩᠬᠡᠢᠢᠯᠡᠭᠴᠢ ᠳ᠋ᠠᠸᠤᠰ ᠤᠨ ᠡ‍ᠳ᠋ ᠤᠨ ᠵᠠᠰᠠᠭ ᠤᠨ ᠠᠭᠤᠯᠵᠠᠯᠲᠠ ᠳ᠋ᠥ ᠣᠷᠤᠯᠴᠠᠭᠠᠳ ᠂ ᠳᠠᠷᠠᠭ᠎ᠠ ᠪᠡᠷ ᠨᠢ  ᠨᠤᠷᠸᠠᠢ ᠳᠤ ᠠᠯᠪᠠᠨ ᠶᠤᠰᠤᠨ ᠪ ᠠᠢᠢᠯᠴᠢᠯᠠᠯ ᠬᠢᠨ᠎ᠡ ᠃

– ᠲᠠ ᠤᠯᠤᠰ ᠤᠨ ᠶᠡᠬᠡ ᠬᠤᠷᠠᠯ ᠤᠨ ᠰᠤᠩᠭᠤᠭᠤᠯᠢ ᠳᠤ ᠬᠠᠮᠢᠭ᠎ᠠ ᠡᠴᠠ ᠨᠡᠷ᠎ᠡ ᠳᠡᠪᠰᠢᠬᠦ ᠪᠤᠢ ︖

– ᠪᠢ ᠬᠠᠮᠢᠭ᠎ᠠ ᠡᠴᠠ ᠴᠤ ᠨᠡᠷ᠎ᠡ ᠳᠡᠪᠰᠢᠵᠦ ᠪᠣᠯᠤᠨ᠎ᠠ ᠃ ᠵᠠᠪᠠᠯ ᠥᠪᠥᠷᠬᠠᠩᠭᠠᠢ ᠭᠡᠬᠦ ᠦᠭᠡᠢ ᠃

– ᠲᠠ ᠬᠠᠨᠳᠢᠪ ᠵᠢᠨᠨ ᠥᠭᠭᠦᠭᠰᠡᠨ ᠦᠦ ︖

– ᠪᠢ ᠡ‍ᠬᠢᠨ ᠪ ᠬᠠᠨᠳᠢᠪ ᠵᠢᠨᠨ ᠲᠥᠯᠦᠭᠰᠡᠨ ᠃ ᠠᠷᠠᠳᠴᠢᠯᠠᠭᠰᠠᠨ ᠨᠠᠮ ᠬᠠᠨᠳᠢᠪ ᠴᠤᠭᠯᠠᠭᠤᠯᠤᠨ᠎ᠠ ᠭᠡᠳᠡᠭ ᠳᠡᠯᠡᠬᠡᠢ ᠨᠡᠢᠢᠲᠡ ᠵᠢᠨ ᠵᠢᠱᠢᠭ ᠵᠢᠨᠷ ᠶᠠᠪᠤᠵᠤ ᠪᠠᠢᠢᠭ᠎ᠠ ᠃ ᠮᠤᠩᠭᠤᠯ ᠠᠷᠠᠳ ᠤᠨ ᠨᠠᠮ ᠤᠨ ᠶᠠᠮᠠᠷ ᠴᠦ ᠬᠠᠨᠳᠢᠪ ᠦᠭᠡᠢ ᠪᠡᠷ ᠰᠤᠩᠭᠤᠭᠤᠯᠢ ᠳᠦ ᠣᠷᠤᠯᠴᠠᠨ᠎ᠠ ᠭᠡᠳᠡᠭ ᠢ ᠰᠢᠯᠭᠠᠬᠤ ᠬᠡᠷᠡᠭᠲᠡᠢ ᠃ ᠶᠠᠮᠠᠷ ᠰᠠᠩᠬᠦᠦᠵᠢᠯᠲᠡ ᠬᠠᠮᠢᠭ᠎ᠠ ᠡᠴᠠ ᠠᠪᠬᠤ ᠪᠤᠢ ᠭᠡᠳᠡᠭ ᠢ ᠨᠢ ᠃ ᠤᠯᠤᠰ ᠲᠥᠷᠦ ᠵᠢᠨ ᠨᠠᠮ ᠤᠨ ᠰᠠᠩᠬᠦᠦᠵᠢᠯᠲᠡ ᠰᠢᠯᠤᠨ ᠪᠠᠢᠢᠬᠤ ᠶᠤᠰᠤᠲᠠᠢ ᠃

ᠬᠡᠷᠪᠡ ᠮᠥᠩᠭᠥ ᠬᠠᠨᠳᠢᠪ ᠴᠤᠭᠯᠠᠭᠤᠯᠵᠤ ᠴᠢᠳᠠᠭ᠎ᠠ ᠦᠭᠡᠢ ᠪᠣᠯ ᠴᠢ ᠳᠠᠷᠠᠭᠠᠴᠢ ᠵᠢᠨ ᠳ᠋ᠸᠪᠠᠲ  ᠲᠤ ᠣᠷᠤᠵᠤ ᠴᠢᠳᠠᠭᠰᠠᠨ ᠦᠭᠡᠢ ᠭᠡᠵᠦ ᠦᠵᠡᠳᠡᠭ ᠃ ᠶᠠᠭᠠᠬᠢᠭᠠᠳ ᠠᠮᠧᠷᠢᠺᠠ ᠮᠥᠩᠭᠥᠨ ᠪ ᠰᠢᠯᠭᠠᠭᠤᠷ ᠲᠠᠯᠪᠢᠵᠤ ᠲᠡᠷᠡ ᠨᠢ ᠳᠠᠷᠠᠭᠠᠴᠢ ᠵᠢᠨ ᠰᠤᠩᠭᠤᠭᠤᠯᠢ ᠳᠤ ᠣᠷᠤᠯᠴᠠᠬᠤ ᠰᠢᠯᠭᠠᠭᠤᠷ ᠪᠣᠯᠤᠭᠠᠳ ᠪᠠᠢᠢᠨ᠎ᠠ ᠭᠡᠬᠦ ᠪᠡᠷ ᠲᠡᠷᠡ ᠬᠥᠮᠦᠨ ᠳ᠋ᠦ ᠬᠡᠨ ᠢᠲᠡᠭᠡᠵᠦ ᠪᠠᠢᠢᠨ᠎ᠠ ᠭᠡᠳᠡᠭ ᠢ ᠬᠠᠷᠠᠳᠠᠭ ᠃ ᠵᠠᠷᠤᠳᠠᠯ ᠦᠭᠡᠢ ᠪᠡᠷ ᠰᠤᠩᠭᠤᠭᠤᠯᠢ ᠳᠤ ᠣᠷᠤᠯᠴᠠᠨ᠎ᠠ ᠭᠡᠵᠦ ᠣᠭᠲᠣ ᠪᠠᠢᠢᠬᠤ ᠦᠭᠡᠢ ᠃ ᠮᠤᠩᠭᠤᠯ ᠠᠷᠠᠳ ᠤᠨ ᠨᠠᠮ ᠣᠭᠲᠣ ᠲᠠᠲᠠᠪᠤᠷᠢ ᠠᠪᠬᠤ ᠦᠭᠡᠢ ᠭᠡᠵᠦ ᠮᠡᠳᠡᠭᠳᠡᠭᠰᠡᠨ ᠃ ᠡ‍ᠭᠦᠨ ᠡ‍ᠴᠡ ᠪᠣᠯᠵᠤ ᠵᠢᠵᠢᠭ ᠂ ᠳᠤᠮᠳᠠ ᠦᠢᠯᠡᠳᠪᠤᠷᠢᠯᠡᠯ  ᠡ‍ᠴᠡ ᠠᠪᠤᠭᠰᠠᠨ ᠮᠥᠩᠭᠥ ᠪᠡᠷ ᠵᠢᠨᠨ ᠣᠷᠤᠯᠴᠠᠬᠤ ᠭᠡᠵᠦ ᠪᠠᠢᠢᠨ᠎ᠠ ᠭᠡᠰᠡᠨ ᠳᠠᠷᠠᠭᠠᠴᠢ ᠵᠢᠨ ᠠᠯᠬᠤᠮ ᠶᠠᠷᠢᠭᠳᠠᠭᠠᠳ ᠡ‍ᠬᠢᠯᠡᠯ᠎ᠡ᠃ ᠮᠠᠨ ᠪ ᠨᠠᠮ ᠤᠨ ᠬᠤᠪᠢ ᠳᠤ ᠲᠠ ᠨᠠᠷᠠ ᠰᠤᠩᠭᠤᠭᠤᠯᠢ ᠵᠢᠨ ᠶᠡᠷᠦᠩᠬᠡᠢ ᠬᠤᠷᠢᠶ᠎ᠠ ᠳᠡᠭᠡᠷ᠎ᠡ ᠣᠴᠢᠭᠠᠳ ᠰᠢᠯᠤᠨ ᠳᠠᠩᠰᠠ ᠪᠠᠷ ᠪᠦᠬᠦ ᠮᠡᠳᠡᠭᠡᠯᠡᠯ ᠢ ᠬᠠᠷᠠᠵᠤ ᠪᠣᠯᠤᠨ᠎ᠠ ᠃ ︽ᠤᠯᠤᠰ ᠲᠥᠷᠦ ᠵᠢᠨ ᠨᠠᠮ ᠤᠨ ᠲᠤᠬᠠᠢ︾ ᠬᠠᠤᠯᠢ ᠵᠢᠨ ᠬᠠᠨᠳᠢᠪ ᠭᠡᠰᠡᠨ ᠬᠡᠰᠡᠭ ᠢ ᠣᠯᠤᠭᠠᠳ ᠤᠩᠰᠢᠪᠠᠯ ᠣᠯᠤᠭᠠᠳ ᠦᠵᠡᠵᠦ ᠪᠣᠯᠤᠨ᠎ᠠ᠃

ᠰᠡᠳᠬᠢᠭᠳᠡᠯ ᠦᠯᠡᠳᠡᠭᠡᠬᠦ