ᠬᠠᠺᠤᠬᠤ᠋ ᠠᠪᠤᠷᠭᠤ ᠵᠢ ᠨᠡᠭᠡᠭᠡᠯᠲᠡ ᠳ᠋ᠦ ᠣᠷᠤᠯᠴᠠᠬᠤ ᠵᠢ ᠵᠥᠪᠰᠢᠶᠡᠷᠡᠭᠰᠡᠨ ᠦᠭᠡᠢ | News.MN

 ᠬᠠᠺᠤᠬᠤ᠋ ᠠᠪᠤᠷᠭᠤ ᠵᠢ ᠨᠡᠭᠡᠭᠡᠯᠲᠡ ᠳ᠋ᠦ ᠣᠷᠤᠯᠴᠠᠬᠤ ᠵᠢ ᠵᠥᠪᠰᠢᠶᠡᠷᠡᠭᠰᠡᠨ ᠦᠭᠡᠢ

ᠮᠤᠩᠭᠤᠯ ᠤᠨ ᠡ‍ᠵᠡᠨᠲᠦ ᠭᠦᠷᠦᠨ ᠪ ᠶᠡᠬᠡ ᠨᠡᠢᠢᠰᠯᠡᠯ ᠬᠠᠷᠠᠬᠤᠷᠤᠮ ᠬᠤᠲᠠ ᠡ‍ᠭᠦᠰᠦᠨ ᠪᠠᠢᠢᠭᠤᠯᠤᠭᠳᠠᠭᠰᠠᠨ ᠪ 800 ᠵᠢᠯ ᠤᠨ ᠣᠢ ᠡ‍ᠨᠡ ᠵᠢᠯ ᠲᠤᠬᠢᠶᠠᠵᠤ ᠪᠠᠢᠢᠭ᠎ᠠ ᠃ ᠮᠤᠩᠭᠤᠯ ᠤᠯᠤᠰ ᠤᠨ ᠶᠡᠬᠡ ᠰᠤᠷᠭᠠᠭᠤᠯᠢ ᠵᠢᠨ ᠰᠢᠨᠵᠢᠯᠡᠬᠦ ᠤᠬᠠᠭᠠᠨ ᠪ ᠰᠤᠷᠭᠠᠭᠤᠯᠢ᠂ ᠥᠪᠥᠷᠬᠠᠩᠭᠠᠢ ᠠᠢᠢᠮᠠᠭ ᠤᠨ ᠬᠠᠷ᠎ᠠ ᠬᠤᠷᠢᠨ ᠰᠤᠮᠤᠨ ᠳ᠋ᠡᠬᠢ ︽ᠬᠠᠷᠠᠬᠤᠷᠤᠮ︾ ᠮᠦᠽᠧᠢ ᠂ ᠶᠠᠫᠤᠨ ᠤᠯᠤᠰ ᠤᠨ  ᠤᠶᠢᠲ᠋ᠠ ᠮᠤᠵᠢ ᠵᠢᠨ ᠲᠡᠦᠬᠡ ᠵᠢᠨ ᠮᠦᠽᠧᠢ ᠬᠠᠮᠲᠤᠷᠠᠨ ᠣᠯᠠᠨ ᠤᠯᠤᠰ ᠤᠨ ᠲᠦᠪᠰᠢᠨ ᠳ᠋ᠦ ᠲᠡᠦᠬᠡᠲᠦ ᠶᠡᠬᠡ ᠣᠢ ᠵᠢ ᠲᠡᠮᠳᠡᠭᠯᠡᠬᠦ ᠠᠷᠭ᠎ᠠ ᠬᠡᠮᠵᠢᠶᠡᠨ ᠪ ᠲᠦᠭᠦᠴᠡᠭᠡ ᠪᠣᠯᠭᠠᠨ ︽ ᠬᠠᠷᠠᠬᠤᠷᠤᠮ – 800 ᠵᠢᠯ ︾ ᠰᠡᠳᠦᠪᠲᠦ ᠦᠵᠡᠰᠬᠦᠯᠡᠩ ᠵᠤᠬᠢᠶᠠᠨ ᠪᠠᠢᠢᠭᠤᠯᠵᠠᠢ ᠃  ᠤᠰᠠ ᠬᠤᠲᠠ ᠵᠢᠨ ᠵᠠᠬᠢᠷᠤᠭᠴᠢ ᠰᠢᠦ᠋ᠵᠢ ᠺᠤᠷᠸᠨᠠᠭ᠎ᠠ ᠪᠣᠯᠤᠨ ᠮᠤᠵᠢ ᠵᠢᠨ ᠪᠣᠯᠪᠠᠰᠤᠷᠠᠯ ᠂ ᠰᠤᠶᠤᠯ ᠂ ᠰᠢᠨᠵᠢᠯᠡᠬᠦ ᠤᠬᠠᠭᠠᠨ ᠪ ᠰᠠᠯᠪᠤᠷᠢ ᠵᠢᠨ ᠳᠠᠷᠤᠭ᠎ᠠ ᠨᠠᠷ ᠮᠤᠩᠭᠤᠯ ᠤᠨ ᠲᠠᠯ᠎ᠠ ᠵᠢᠨ ᠲᠥᠯᠦᠭᠡᠯᠡᠭᠴᠢᠳ ᠢ ᠬᠦᠯᠢᠶᠡᠨ ᠠᠪᠴᠤ ᠠᠭᠤᠯᠵᠠᠭᠰᠠᠨ ᠪᠠᠢᠢᠨ᠎ᠠ ᠃

ᠮᠤᠩᠭᠤᠯ ᠤᠨ ᠠᠷᠠᠳ ᠲᠦᠮᠡᠨ ᠪ ᠡ‍ᠷᠲᠡᠨ ᠪ ᠲᠡᠦᠬᠡ ᠂ ᠰᠤᠶᠤᠯ ᠤᠨ ᠲᠤᠬᠠᠢ ᠦᠵᠡᠰᠬᠦᠯᠡᠩ ᠵᠤᠬᠢᠶᠠᠨ ᠪᠠᠢᠢᠭᠤᠯᠤᠭᠳᠠᠭᠰᠠᠨ  ᠤᠰᠠ ᠬᠤᠲᠠ ᠪᠣᠯ ᠶᠠᠫᠤᠨ ᠪ ᠰᠦᠮᠦᠦ ᠵᠢᠨ ᠳᠤᠮᠤᠭᠲᠤ ᠶᠡᠬᠡ ᠠᠪᠤᠷᠭᠤ ᠹᠤᠲ᠋ᠠᠪᠠᠶᠠᠮᠠ ᠶᠢᠨ ᠲᠥᠷᠦᠭᠰᠡᠨ ᠨᠤᠲᠤᠭ ᠪᠥᠭᠡᠳ 2020 ᠣᠨ ᠪ ᠲᠤᠤᠺᠢᠣ᠋ ᠵᠢᠨ ᠤᠯᠢᠮᠫᠢᠺ ᠲᠤ ᠮᠤᠩᠭᠤᠯ ᠤᠨ ᠰᠢᠭᠰᠢᠭᠡ ᠪᠠᠭ ᠤᠨ ᠬᠢᠨ ᠪ ᠪᠡᠯᠡᠳᠬᠡᠯ ᠰᠤᠷᠭᠠᠭᠤᠯᠢ ᠪᠠᠨ ᠪᠠᠵᠠᠭᠠᠬᠤ ᠨᠢᠭᠡᠨ ᠲᠦᠰᠢᠴᠡ ᠭᠠᠵᠠᠷ  ᠪᠦᠭᠡᠳ 30 ᠭᠠᠷᠤᠢ ᠵᠢᠯ ᠤᠨ ᠡ‍ᠮᠦᠨ᠎ᠡ ᠡ‍ᠴᠡ ᠪᠠᠶᠠᠨᠬᠤᠩᠭᠤᠷ ᠠᠢᠢᠮᠠᠭ ᠲᠠᠢ ᠠᠬ᠎ᠠ ᠳᠡᠭᠦᠦ ᠵᠢᠨ ᠨᠠᠢᠢᠷᠠᠮᠳᠠᠯᠳᠦ ᠬᠠᠷᠢᠯᠴᠠᠭ᠎ᠠ ᠲᠠᠢ ᠬᠤᠲᠠ ᠶᠤᠮ ᠪᠠᠢᠢᠨ᠎ᠠ ᠃

ᠲᠤᠰ ᠦᠵᠡᠰᠬᠦᠯᠡᠩ ᠳ᠋ᠦ 13 ᠳ᠋ᠤᠭᠠᠷ ᠵᠠᠭᠤᠨ ᠪ ᠮᠤᠩᠭᠤᠯ ᠡ‍ᠬᠡᠨᠡᠷ ᠤᠨ ᠪᠤᠭᠲᠤᠭ ᠮᠠᠯᠠᠭᠠᠢ ᠵᠢᠨ ᠠᠯᠲᠠᠨ ᠴᠤᠭ ᠴᠢᠮᠡᠭᠯᠡᠯ ᠂ ᠡ‍ᠷ᠎ᠡ ᠬᠥᠮᠦᠨ ᠪ ᠪᠣᠯᠤᠷ ᠪᠦᠰᠡ ᠬᠢᠭᠡᠳ ᠬᠤᠪᠢᠯᠠᠢ ᠬᠠᠭᠠᠨ ᠪ ᠶᠠᠫᠤᠨ ᠳᠤ ᠳᠤᠪᠲᠤᠯᠤᠭᠰᠠᠨ ᠹᠯᠤᠲ ᠤᠨ ᠳᠠᠯᠠᠢ ᠡᠴᠠ ᠮᠠᠯᠲᠠᠵᠤ ᠭᠠᠷᠭᠠᠭᠰᠠᠨ ᠣᠯᠳᠠᠪᠤᠷᠢ ᠨᠤᠭᠤᠳ  ᠳᠡᠯᠭᠡᠭᠳᠡᠵᠡᠢ ᠃  ᠤᠶᠢᠲ᠋ᠠ ᠮᠤᠵᠢ ᠵᠢᠨ ᠭᠡᠭᠡᠷᠡᠯ ᠤᠨ ᠰᠠᠢᠢᠳ  ᠺᠤᠳᠤ᠋ ᠲᠠᠰᠢᠶᠠᠺᠢ ᠮᠥᠨ ᠵᠤᠴᠢᠳ ᠢ ᠬᠦᠯᠢᠶᠡᠨ ᠠᠪᠴᠤ ᠠᠭᠤᠯᠵᠠᠵᠤ ᠪᠠᠶᠠᠷ ᠬᠦᠷᠭᠡᠵᠡᠢ ᠃ ᠦᠵᠡᠰᠬᠦᠯᠡᠩ ᠤᠨ ᠨᠡᠭᠡᠭᠡᠯᠲᠡ ᠳ᠋ᠦ ᠶᠡᠬᠡ ᠠᠪᠤᠷᠭᠤ  ᠬᠠᠺᠤᠬᠤ᠋ ᠣᠷᠤᠯᠴᠠᠬᠤ ᠴᠢᠩ ᠬᠦᠰᠡᠯ ᠲᠠᠢ ᠪᠠᠢᠢᠭᠰᠠᠨ ᠪᠣᠯᠪᠠᠴᠤ ᠰᠦᠮᠦᠦ ᠵᠢᠨ ᠬᠤᠯᠪᠣᠭ᠎ᠠ ᠵᠥᠪᠰᠢᠶᠡᠷᠡᠭᠡ ᠦᠭᠡᠢ᠃

ᠰᠡᠳᠬᠢᠭᠳᠡᠯ ᠦᠯᠡᠳᠡᠭᠡᠬᠦ