20 ᠰᠠᠶ᠎ᠠ ᠲᠥᠭᠥᠷᠢᠭ ᠡᠴᠡ ᠳᠡᠭᠡᠭᠰᠢᠬᠢ ᠭᠦᠢᠯᠭᠡᠭᠡ ᠶᠢ ᠬᠢᠨᠠᠨ᠎ᠠ  | News.MN

20 ᠰᠠᠶ᠎ᠠ ᠲᠥᠭᠥᠷᠢᠭ ᠡᠴᠡ ᠳᠡᠭᠡᠭᠰᠢᠬᠢ ᠭᠦᠢᠯᠭᠡᠭᠡ ᠶᠢ ᠬᠢᠨᠠᠨ᠎ᠠ 

ᠬᠣᠷᠢᠨ ᠰᠠᠶ᠎ᠠ ᠲᠥᠭᠥᠷᠢᠭ ᠡᠴᠡ ᠳᠡᠭᠡᠭᠰᠢ ᠪᠡᠯᠡᠨ ᠮᠥᠩᠭᠥᠨ ᠦ ᠭᠦᠢᠯᠭᠡᠭᠡ ᠪᠣᠯᠤᠨ ᠲᠡᠭᠦᠨ ᠲᠡᠢ ᠲᠡᠩᠴᠡᠬᠦ ᠬᠡᠮᠵᠢᠶᠡᠨ ᠦ ᠸᠠᠯᠢᠶᠤᠲ ᠤᠨ ᠰᠢᠯᠵᠢᠭᠦᠯᠭᠡ ᠶᠢ ᠠᠵᠢᠯ ᠤᠨ 5 ᠬᠣᠨᠣᠭ ᠤᠨ ᠳᠣᠲᠣᠷ᠎ᠠ ᠰᠠᠩᠬᠦᠦ ᠶᠢᠨ ᠮᠡᠳᠡᠭᠡᠯᠡᠯ ᠦᠨ ᠠᠯᠪᠠᠨ ᠳᠤ ᠮᠡᠳᠡᠭᠡᠯᠡᠬᠦ ᠵᠢᠷᠤᠮ ᠬᠡᠷᠡᠭᠵᠢᠵᠦ ᠡᠬᠢᠯᠡᠭᠡᠳ ᠪᠠᠶᠢᠨ᠎ᠠ᠃ ᠮᠣᠩᠭᠣᠯ ᠤᠯᠤᠰ ︽ᠰᠠᠷᠠᠯ ᠵᠢᠭᠰᠠᠭᠠᠯᠲᠠ︾ ᠳᠦ ᠣᠷᠣᠵᠤ᠂ ︽ᠮᠥᠩᠭᠥ ᠤᠬᠢᠶᠠᠬᠤ ᠪᠣᠯᠤᠨ ᠲᠧᠷᠷᠣᠷᠢᠰᠮ ᠢ  ᠰᠠᠩᠬᠦᠦᠵᠢᠭᠦᠯᠬᠦ ᠲᠡᠢ ᠲᠡᠮᠡᠴᠡᠬᠦ ᠲᠤᠬᠠᠢ︾ ᠬᠠᠤᠯᠢ ᠶᠢᠨ ᠨᠡᠮᠡᠯᠲᠡ ᠥᠭᠡᠷᠡᠴᠢᠯᠡᠯᠲᠡ ᠪᠡᠷ ᠮᠡᠳᠡᠭᠡᠯᠡᠬᠦ ᠡᠭᠦᠷᠭᠡ ᠲᠡᠢ ᠡᠲᠡᠭᠡᠳ ᠦᠨ ᠬᠠᠮᠤᠷᠬᠤ ᠬᠦᠷᠢᠶ᠎ᠡ ᠶᠢ ᠥᠷᠭᠡᠵᠢᠭᠦᠯᠦᠭᠰᠡᠨ ᠲᠡᠢ ᠬᠣᠯᠪᠣᠭᠳᠠᠭᠤᠯᠤᠨ 2019 ᠣᠨ ᠤ 12 ᠳ᠋ᠤᠭᠠᠷ ᠰᠠᠷ᠎ᠠ ᠶᠢᠨ 25 ᠤ ᠡᠳᠦᠷ ᠮᠣᠩᠭᠣᠯ ᠪᠠᠩᠭᠢᠨ ᠤ ᠶᠡᠷᠦᠩᠬᠡᠶᠢᠯᠡᠭᠴᠢ ᠶᠢᠨ A-326 ᠳ᠋ᠤᠭᠠᠷ ᠲᠠᠢ ᠲᠤᠰᠢᠶᠠᠯ ᠢᠶᠠᠷ ︽ᠰᠠᠩᠬᠦᠦ ᠶᠢᠨ ᠮᠡᠳᠡᠭᠡᠯᠡᠯ ᠦᠨ ᠠᠯᠪᠠᠨ ᠳᠤ ᠮᠡᠳᠡᠭᠡᠯᠡᠬᠦ ᠡᠭᠦᠷᠭᠡ ᠲᠡᠢ ᠡᠲᠡᠭᠡᠳ ᠡᠴᠡ ᠴᠠᠬᠢᠮ ᠢᠶᠠᠷ ᠮᠡᠳᠡᠭᠡᠯᠡᠯ ᠢᠷᠡᠭᠦᠯᠬᠦ ᠵᠢᠷᠤᠮ︾ ᠢ ᠡᠶᠢᠨ ᠰᠢᠨᠡᠴᠢᠯᠡᠨ ᠪᠠᠲᠤᠯᠠᠭᠰᠠᠨ ᠪᠠᠶᠢᠨ᠎ᠠ᠃
ᠡᠨᠡ ᠵᠢᠷᠤᠮ ᠢ ︽ᠮᠥᠩᠭᠥ ᠤᠬᠢᠶᠠᠬᠤ ᠪᠣᠯᠤᠨ ᠲᠧᠷᠷᠣᠷᠢᠰᠮ ᠢ ᠰᠠᠩᠬᠦᠦᠵᠢᠭᠦᠯᠬᠦ ᠲᠡᠢ ᠲᠡᠮᠡᠴᠡᠬᠦ ᠲᠤᠬᠠᠢ︾ ᠬᠠᠤᠯᠢ ᠶᠢᠨ 4 ᠳ᠋ᠤᠭᠡᠷ ᠵᠦᠢᠯ ᠦᠨ 4.1 ᠍ ᠳᠦ ᠵᠢᠭᠠᠭᠰᠠᠨ ᠮᠡᠳᠡᠭᠡᠯᠡᠬᠦ ᠡᠭᠦᠷᠭᠡ ᠲᠡᠢ ᠡᠲᠡᠭᠡᠳ ᠡᠴᠡ ᠮᠥᠨ ᠬᠠᠤᠯᠢ ᠶᠢᠨ 7 ᠳ᠋ᠤᠭᠠᠷ ᠵᠦᠢᠯ᠂ 9  ᠳ᠋ᠤᠭᠡᠷ ᠵᠦᠢᠯ ᠳᠦ ᠵᠢᠭᠠᠭᠰᠠᠨ ᠭᠦᠢᠯᠭᠡᠭᠡᠨ ᠦ ᠲᠠᠯᠠᠭᠠᠷᠬᠢ ᠮᠡᠳᠡᠭᠡᠯᠡᠯ ᠢ ᠰᠠᠩᠬᠦᠦ ᠶᠢᠨ ᠮᠡᠳᠡᠭᠡᠯᠡᠯ ᠦᠨ ᠠᠯᠪᠠᠨ ᠳᠤ ᠴᠠᠬᠢᠮ ᠢᠶᠠᠷ ᠮᠡᠳᠡᠭᠡᠯᠡᠬᠦ ᠦᠢᠯᠡ ᠠᠵᠢᠯᠯᠠᠭᠠᠨ ᠳᠤ ᠮᠥᠷᠳᠡᠨ᠎ᠡ᠃

ᠰᠡᠳᠬᠢᠭᠳᠡᠯ ᠦᠯᠡᠳᠡᠭᠡᠬᠦ