ᠮᠥᠰᠦᠨ ᠦ ᠪᠠᠶᠠᠷ ᠬᠦᠢ ᠲᠣᠯᠣᠭᠠᠢ ᠳᠤ ᠪᠣᠯᠤᠨ᠎ᠠ  | News.MN

ᠮᠥᠰᠦᠨ ᠦ ᠪᠠᠶᠠᠷ ᠬᠦᠢ ᠲᠣᠯᠣᠭᠠᠢ ᠳᠤ ᠪᠣᠯᠤᠨ᠎ᠠ 

ᠬᠥᠪᠰᠥᠭᠥᠯ ᠠᠶᠢᠮᠠᠭ ᠲᠤ ᠡᠪᠦᠯ ᠦᠨ ᠠᠶᠠᠯᠠᠯ ᠵᠢᠭᠤᠯᠴᠢᠯᠠᠯ ᠢ ᠬᠥᠭᠵᠢᠭᠦᠯᠬᠦ ᠵᠣᠷᠢᠯᠭ᠎ᠠ ᠪᠠᠷ ᠵᠢᠯ ᠪᠦᠷᠢ ᠵᠣᠬᠢᠶᠠᠨ ᠪᠠᠶᠢᠭᠤᠯᠳᠠᠭ ᠮᠦᠰᠦᠨ ᠦ ᠪᠠᠶᠠᠷ ᠢᠷᠡᠬᠦ 3 ᠰᠠᠷ᠎ᠠ ᠶᠢᠨ 2-3 ᠳᠦ ᠬᠠᠳᠬᠠᠯ ᠲᠣᠰᠬᠣᠨ ᠤ ᠬᠦᠢ ᠲᠣᠯᠣᠭᠠᠢ ᠳᠤ ᠪᠣᠯᠤᠨ᠎ᠠ᠃ ᠵᠣᠬᠢᠶᠠᠨ ᠪᠠᠶᠢᠭᠤᠯᠬᠤ ᠺᠣᠮᠢᠰ ᠬᠤᠷᠠᠯᠳᠤᠵᠤ᠂ ᠮᠥᠰᠦᠨ ᠦ ᠪᠠᠶᠠᠷ ᠲᠡᠮᠳᠡᠭᠯᠡᠬᠦ ᠭᠠᠵᠠᠷ ᠪᠣᠯᠤᠨ ᠬᠢᠵᠦ ᠬᠡᠷᠡᠭᠵᠢᠭᠦᠯᠬᠦ ᠠᠵᠢᠯ ᠢᠶᠠᠨ ᠲᠥᠯᠥᠪᠯᠡᠨ ᠬᠡᠯᠡᠯᠴᠡᠪᠡ᠃ ᠥᠨᠥᠳᠥᠷ ᠦᠨ ᠪᠠᠶᠢᠳᠠᠯ ᠢᠶᠠᠷ ᠪᠠᠶᠠᠷ ᠪᠣᠯᠬᠤ ᠭᠠᠵᠠᠷ ᠤᠨ ᠮᠥᠰᠦᠨ ᠦ ᠵᠤᠵᠠᠭᠠᠨ 90 ᠰᠠᠨᠲ᠋ᠢᠮᠧᠲ᠋ᠷ᠂ ᠬᠦᠰᠡᠯ ᠦᠨ ᠬᠠᠳᠠ ᠣᠷᠴᠢᠮ ᠳᠤ 53 ᠰᠠᠨᠲ᠋ᠢᠮᠧᠲ᠋ᠷ ᠪᠠᠶᠢᠨ᠎ᠠ᠃ ᠮᠥᠰᠦᠨ ᠬᠣᠲᠠᠬᠠᠨ ᠢ ︽ᠬᠥᠬᠡ ᠰᠤᠪᠤᠳ ᠤᠨ ᠣᠷᠣᠨ︾ ᠨᠡᠷ᠎ᠡ ᠶᠢᠨ ᠳᠣᠣᠷ᠎ᠠ ᠤᠷᠠᠯᠠᠬᠤ ᠪᠥᠭᠡᠳ ᠮᠥᠰᠦᠨ ᠤᠷᠠᠯᠠᠨ ᠪᠣᠯᠪᠠᠰᠤᠷᠠᠭᠤᠯᠬᠤ ᠤᠷᠤᠯᠳᠤᠭᠠᠨ ᠢ ᠨᠡᠭᠡᠭᠡᠯᠲᠡᠲᠡᠢ ᠵᠠᠷᠯᠠᠭᠰᠠᠨ ᠪᠠᠶᠢᠨ᠎ᠠ᠃
ᠡᠨᠡ ᠵᠢᠯ ᠦᠨ ᠬᠤᠪᠢ ᠳᠤ ᠮᠥᠰᠦᠨ ᠬᠣᠲᠠᠬᠠᠨ ᠤ ᠲᠠᠯᠠᠪᠠᠢ ᠶᠢ ᠲᠣᠮᠣᠷᠠᠭᠤᠯᠵᠤ ᠢᠷᠭᠡᠳ ᠦᠨ ᠦᠵᠡᠬᠦ᠂ ᠬᠠᠷᠠᠬᠤ᠂ ᠵᠢᠷᠤᠭ ᠠᠪᠬᠠᠭᠤᠯᠬᠤ ᠮᠥᠰᠦᠨ ᠤᠷᠠᠯᠠᠨ ᠢ ᠨᠡᠮᠡᠭᠳᠡᠭᠦᠯᠵᠦ᠂ ᠨᠠᠰᠤᠨ ᠤ ᠠᠩᠭᠢᠯᠠᠯᠲᠠᠢ 3 ᠲᠥᠷᠥᠯ ᠦᠨ ᠮᠥᠰᠦᠨ ᠭᠤᠯᠭᠤᠭᠤᠷ ᠢ ᠬᠢᠬᠦ ᠪᠡᠷ ᠲᠥᠯᠥᠪᠯᠡᠵᠦ ᠪᠠᠶᠢᠨ᠎ᠠ᠃

ᠰᠡᠳᠬᠢᠭᠳᠡᠯ ᠦᠯᠡᠳᠡᠭᠡᠬᠦ