ᠤᠯᠠᠭᠠᠨ ᠰᠠᠶᠢᠳ ᠢ ᠣᠭᠴᠣᠷᠠᠭᠤᠯᠬᠤ ᠲᠥᠰᠥᠯ ᠡᠷᠭᠦᠨ ᠪᠠᠷᠢᠯ᠎ᠠ  | News.MN

ᠤᠯᠠᠭᠠᠨ ᠰᠠᠶᠢᠳ ᠢ ᠣᠭᠴᠣᠷᠠᠭᠤᠯᠬᠤ ᠲᠥᠰᠥᠯ ᠡᠷᠭᠦᠨ ᠪᠠᠷᠢᠯ᠎ᠠ 

 

ᠬᠦᠳᠡᠭᠡ ᠠᠵᠤ ᠠᠬᠤᠢ ᠬᠦᠩᠭᠡᠨ ᠦᠢᠯᠡᠳᠪᠤᠷᠢ ᠶᠢᠨ ᠶᠠᠮᠤᠨ ᠤ ᠰᠠᠶᠢᠳ ᠴ∙ᠤᠯᠠᠭᠠᠨ ᠢ ᠣᠭᠴᠣᠷᠠᠭᠤᠯᠬᠤ ᠲᠤᠬᠠᠢ ᠬᠠᠤᠯᠢ ᠶᠢᠨ ᠲᠥᠰᠥᠯ ᠪᠣᠯᠪᠠᠰᠤᠷᠠᠭᠤᠯᠵᠤ ᠤᠯᠤᠰ ᠤᠨ ᠶᠡᠬᠡ ᠬᠤᠷᠠᠯ ᠤᠨ ᠳᠠᠷᠤᠭ᠎ᠠ ᠭ∙ᠽᠠᠨᠳᠠᠨᠰᠢᠲᠠᠷ᠎ᠠ ᠳᠤ ᠡᠷᠭᠦᠨ ᠪᠠᠷᠢᠭᠰᠠᠨ ᠬᠡᠮᠡᠨ ᠤᠯᠤᠰ ᠤᠨ ᠶᠡᠬᠡ ᠬᠤᠷᠠᠯ ᠤᠨ ᠭᠡᠰᠢᠭᠦᠨ ᠪ∙ᠫᠦᠷᠪᠦᠳᠣᠷᠵᠢ ᠥᠨᠥᠳᠥᠷ ᠮᠡᠳᠡᠭᠳᠡᠪᠡ᠃ ᠰᠠᠶᠢᠳ ᠴ∙ᠤᠯᠠᠭᠠᠨ ᠢ ᠣᠭᠴᠣᠷᠠᠭᠤᠯᠬᠤ ᠭᠤᠷᠪᠠᠨ ᠦᠨᠳᠦᠰᠦᠯᠡᠯ ᠨᠢ ᠮᠠᠯ ᠤᠨ ᠮᠢᠬᠠᠨ ᠤ ᠦᠨ᠎ᠡ ᠤᠨᠠᠵᠤ᠂ ᠮᠠᠯᠴᠢᠳ ᠤᠨ ᠣᠷᠣᠯᠭ᠎ᠠ ᠪᠠᠭᠠᠰᠤᠭᠰᠠᠨ᠂ ᠮᠢᠬᠠᠨ ᠤ ᠦᠢᠯᠡᠳᠪᠦᠷᠢ ᠨᠦᠭᠦᠳ ᠳᠣᠭᠣᠯᠳᠠᠭᠰᠠᠨ᠂ ᠬᠢᠲᠠᠳ ᠦᠢᠯᠡᠳᠪᠦᠷᠢ ᠶᠢ ᠳᠡᠮᠵᠢᠭᠰᠡᠨ ᠭᠡᠯ᠎ᠡ᠃
ᠮᠣᠩᠭᠣᠯ ᠤᠯᠤᠰ ᠲᠤ 130 ᠭᠠᠷᠤᠢ ᠮᠢᠬᠠᠨ ᠤ ᠦᠢᠯᠡᠳᠪᠦᠷᠢ ᠪᠠᠶᠢᠳᠠᠭ ᠴᠤ ᠵᠥᠪᠬᠡᠨ 12 ᠦᠢᠯᠡᠳᠪᠦᠷᠢ ᠳᠦ ᠮᠢᠬ᠎ᠠ ᠡᠺᠰᠫᠣᠷᠲᠯᠠᠬᠤ ᠵᠥᠪᠰᠢᠶᠡᠷᠡᠯ ᠣᠯᠭᠤᠳᠠᠭ ᠪᠠᠶᠢᠨ᠎ᠠ᠃ ᠢᠩᠭᠢᠭᠰᠡᠨ ᠢᠶᠡᠷ᠂ ᠮᠢᠬᠠᠨ ᠤ ᠦᠢᠯᠡᠳᠪᠦᠷᠢ ᠨᠦᠭᠦᠳ ᠠᠪᠯᠢᠭ᠎ᠠ ᠥᠭᠴᠦ ᠡᠨᠡᠬᠦ ᠺᠤᠸᠤᠲ ᠢ ᠠᠪᠬᠤ ᠪᠠ ᠳᠡᠶᠢᠯᠦᠩᠬᠢ ᠨᠢ ᠬᠢᠲᠠᠳ ᠤᠨ ᠦᠢᠯᠡᠳᠪᠦᠷᠢ ᠪᠠᠶᠢᠭ᠎ᠠ ᠭᠡᠨ᠎ᠡ ᠃ ᠪ∙ᠫᠦᠷᠪᠦᠳᠣᠷᠵᠢ᠄ ᠮᠢᠬᠠᠨ ᠤ ᠦᠢᠯᠡᠳᠪᠦᠷᠢ ᠨᠦᠭᠦᠳ ᠵᠥᠪᠰᠢᠶᠡᠷᠡᠯ ᠲᠡᠢ 12 ᠦᠢᠯᠡᠳᠪᠦᠷᠢ ᠶᠢᠨ ᠺᠤᠸᠤᠲ  ᠢ ᠠᠰᠢᠭᠯᠠᠨ ᠮᠢᠬ᠎ᠠ ᠪᠠᠨ ᠬᠢᠲᠠᠳ ᠤᠷᠤᠭᠤ ᠡᠺᠰᠫᠣᠷᠲᠯᠠᠬᠤ ᠬᠦᠰᠡᠯᠲᠡ ᠭᠠᠷᠭᠠᠳᠠᠭ᠃ ᠲᠡᠳᠡᠭᠡᠷ ᠦᠢᠯᠡᠳᠪᠦᠷᠢ ᠨᠢ ᠠᠪᠯᠢᠭ᠎ᠠ ᠥᠭᠴᠦ ᠺᠤᠸᠤᠲ ᠠᠪᠤᠭᠰᠠᠨ ᠲᠤᠯᠠ ᠨᠢᠭᠡ ᠺᠢᠯᠦᠭᠷᠡᠮ ᠮᠢᠬ᠎ᠠ ᠲᠤᠲᠤᠮ ᠳᠤ ᠪᠠᠨ 12 ᠶᠤᠸᠠᠨ ᠦ ᠲᠥᠯᠥᠪᠦᠷᠢ ᠨᠡᠮᠡᠳᠡᠭ᠃ ᠲᠤᠬᠠᠶᠢᠯᠠᠪᠠᠯ᠂ ᠠᠳᠤᠭᠤᠨ ᠤ ᠮᠢᠬ᠎ᠠ ᠨᠢᠭᠡ ᠺᠢᠯᠦᠭᠷᠡᠮ 5000 ᠲᠥᠭᠥᠷᠢᠭ ᠪᠠᠶᠢᠬᠤ ᠴᠤ 4800 ᠲᠥᠭᠥᠷᠢᠭ ᠦᠨ ᠲᠥᠯᠥᠪᠦᠷᠢ ᠨᠡᠮᠡᠵᠦ ᠪᠠᠶᠢᠭ᠎ᠠ ᠶᠤᠮ᠃ ᠡᠶᠢᠮᠦ ᠡᠴᠡ ᠮᠢᠬᠠᠨ ᠤ ᠦᠢᠯᠡᠳᠪᠦᠷᠢ ᠨᠦᠭᠦᠳ ᠠᠰᠢᠭ ᠨᠢ ᠪᠠᠭᠠᠰᠴᠤ ᠂ ᠮᠢᠬᠠᠨ ᠤ ᠦᠨ᠎ᠡ ᠶᠢ ᠤᠨᠠᠭᠠᠬᠤ ᠵᠠᠮ ᠢᠶᠠᠷ ᠳᠡᠭᠡᠷᠡᠬᠢ ᠮᠥᠩᠭᠥ ᠶᠢ ᠲᠥᠯᠦᠵᠦ ᠪᠠᠶᠢᠨ᠎ᠠ ᠬᠡᠮᠡᠯ᠎ᠡ᠃

ᠰᠡᠳᠬᠢᠭᠳᠡᠯ ᠦᠯᠡᠳᠡᠭᠡᠬᠦ