ᠰᠠᠶᠢᠨᠱᠠᠩᠳᠠ ᠶᠢᠨ ᠬᠢᠨ ᠤᠭ ᠤᠨ ᠪᠢᠴᠢᠭ ᠬᠥᠲᠥᠯᠦᠨ᠎ᠡ  | News.MN

ᠰᠠᠶᠢᠨᠱᠠᠩᠳᠠ ᠶᠢᠨ ᠬᠢᠨ ᠤᠭ ᠤᠨ ᠪᠢᠴᠢᠭ ᠬᠥᠲᠥᠯᠦᠨ᠎ᠡ 

ᠳᠤᠷᠤᠨᠠᠭᠤᠪᠢ ᠠᠶᠢᠮᠠᠭ ᠤᠨ ᠰᠠᠶᠢᠨᠱᠠᠩᠳᠠ ᠰᠤᠮᠤ ᠶᠢᠨ  ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠂ ᠠᠶᠢᠮᠠᠭ ᠤᠨ ᠪᠤᠯᠪᠠᠰᠤᠷᠠᠯ ᠰᠤᠶᠤᠯ ᠤᠷᠠᠯᠢᠭ ᠤᠨ ᠭᠠᠵᠠᠷ ᠲᠠᠢ ᠬᠠᠮᠲᠤᠷᠠᠨ ᠤᠭ ᠤᠨ ᠪᠢᠴᠢᠭ ᠬᠡᠷᠬᠢᠨ ᠬᠥᠲᠥᠯᠬᠦ ᠲᠤᠬᠠᠢ ᠰᠤᠷᠭᠠᠯᠲᠠ ᠵᠣᠬᠢᠶᠠᠨ ᠪᠠᠶᠢᠭᠤᠯᠤᠯ᠎ᠠ᠃
ᠬᠦᠮᠦᠨ ᠠᠮᠠ ᠶᠢᠨ ᠰᠠᠭᠤᠷᠢᠰᠢᠯ ᠵᠢᠯ ᠪᠦᠷᠢ ᠨᠡᠮᠡᠭᠳᠡᠵᠦ 25 ᠮᠢᠩᠭ᠎ᠠ ᠣᠷᠴᠢᠮ ᠬᠦᠮᠦᠨ ᠠᠮᠠ ᠲᠠᠢ ᠪᠣᠯᠤᠭᠰᠠᠨ ᠰᠠᠶᠢᠨᠱᠠᠩᠳᠠ ᠰᠤᠮᠤ ᠡᠷᠦᠬᠡ ᠭᠡᠷ ᠪᠦᠯᠢ ᠨᠦᠭᠦᠳ ᠲᠦ ᠤᠭ ᠤᠨ ᠪᠢᠴᠢᠭ ᠬᠥᠲᠥᠯᠬᠦ ᠠᠵᠢᠯ ᠢ ᠡᠷᠴᠢᠮᠵᠢᠭᠦᠯᠵᠦ ᠬᠡᠦᠬᠡᠳ᠂ ᠵᠠᠯᠠᠭᠤᠴᠤᠳ ᠤᠨ ᠬᠦᠮᠦᠵᠢᠯ᠂ ᠲᠥᠯᠦᠪᠰᠢᠯ ᠳᠦ ᠦᠨᠳᠦᠰᠦᠨ ᠦ ᠥᠪ ᠤᠯᠠᠮᠵᠢᠯᠠᠯ ᠢᠶᠠᠨ ᠳᠡᠭᠡᠳᠦᠯᠡᠬᠦ᠂ ᠤᠳᠤᠮ ᠤᠭᠰᠠᠭ᠎ᠠ  ᠪᠠᠨ ᠮᠡᠳᠡᠬᠦ ᠵᠡᠷᠭᠡ ᠨᠥᠯᠥᠭᠡᠯᠡᠯ ᠦᠨ ᠠᠵᠢᠯ ᠢ ᠵᠣᠬᠢᠶᠠᠨ ᠪᠠᠶᠢᠭᠤᠯᠬᠤ ᠱᠠᠭᠠᠷᠳᠠᠯᠭ᠎ᠠ ᠪᠠᠶᠢᠭ᠎ᠠ ᠶᠤᠮ᠃
ᠰᠤᠷᠭᠠᠯᠲᠠ ᠳᠤ ᠪᠠᠭ᠂ ᠰᠤᠷᠭᠠᠭᠤᠯᠢ ᠶᠢᠨ ᠨᠡᠶᠢᠭᠡᠮ ᠤᠨ ᠠᠵᠢᠯᠲᠠᠳ ᠪᠣᠯᠤᠨ ᠴᠡᠴᠡᠷᠯᠢᠭ ᠦᠨ ᠡᠷᠬᠢᠯᠡᠭᠴᠢ ᠨᠠᠷ ᠢ ᠬᠠᠮᠤᠷᠤᠭᠤᠯᠤᠭᠰᠠᠨ ᠪᠠᠶᠢᠨ᠎ᠠ᠃ ᠮᠣᠩᠭᠣᠯ ᠤᠯᠤᠰ ᠤᠨ ᠵᠠᠰᠠᠭ ᠤᠨ ᠭᠠᠵᠠᠷ ᠤᠨ 2007 ᠣᠨ ᠤ 257 ᠳ᠋ᠤᠭᠠᠷ ᠲᠣᠭᠲᠠᠭᠠᠯ ᠢᠶᠠᠷ ︽ᠤᠭ ᠤᠨ ᠪᠢᠴᠢᠭ ᠬᠦᠲᠦᠯᠬᠦ ᠵᠢᠷᠤᠮ︾ ᠍ ᠤᠨ 3.1 ᠳ᠋ᠡᠬᠢ ᠵᠢᠭᠠᠯᠲᠠ ᠳᠤ ︽ᠮᠣᠩᠭᠣᠯ ᠤᠯᠤᠰ ᠤᠨ ᠡᠷᠦᠬᠡ ᠪᠦᠷᠢ ᠤᠭ ᠤᠨ ᠪᠢᠴᠢᠭ ᠵᠠᠪᠠᠯ  ᠬᠦᠲᠦᠯᠦᠨ᠎ᠡ︾ ᠭᠡᠵᠦ ᠵᠢᠭᠠᠭᠰᠠᠨ ᠶᠤᠮ ᠃

ᠰᠡᠳᠬᠢᠭᠳᠡᠯ ᠦᠯᠡᠳᠡᠭᠡᠬᠦ