ᠰ∙ᠵᠢᠪᠬᠤᠯᠠᠩ᠄ ᠰᠣᠩᠭᠣᠨ ᠰᠣᠩᠭᠣᠨ ᠨᠢᠭᠡ ᠴᠠᠳᠤᠨ᠎ᠠ᠂ ᠰᠣᠩᠭᠣᠭᠤᠯᠢ ᠳᠥᠬᠥᠬᠦ ᠪᠡᠷ ᠨᠢᠭᠡ ᠴᠠᠳᠤᠨ᠎ᠠ  | News.MN

ᠰ∙ᠵᠢᠪᠬᠤᠯᠠᠩ᠄ ᠰᠣᠩᠭᠣᠨ ᠰᠣᠩᠭᠣᠨ ᠨᠢᠭᠡ ᠴᠠᠳᠤᠨ᠎ᠠ᠂ ᠰᠣᠩᠭᠣᠭᠤᠯᠢ ᠳᠥᠬᠥᠬᠦ ᠪᠡᠷ ᠨᠢᠭᠡ ᠴᠠᠳᠤᠨ᠎ᠠ 

ᠦᠨᠳᠦᠰᠦᠨ ᠦ ᠠᠶᠤᠯᠭᠦᠢ ᠪᠠᠶᠢᠳᠠᠯ ᠤᠨ ᠵᠥᠪᠯᠡᠯ ᠡᠴᠡ ᠠᠬᠠᠮᠠᠳ ᠨᠠᠰᠤᠲᠠᠨ ᠤ ᠲᠡᠳᠬᠦᠪᠦᠷᠢ ᠶᠢᠨ ᠵᠢᠭᠡᠯᠡ ᠶᠢ ᠲᠥᠷᠦ ᠡᠴᠡ ᠨᠢᠭᠡ ᠤᠳᠠᠭ᠎ᠠ ᠴᠢᠯᠦᠭᠡᠯᠡᠬᠦ ᠴᠢᠭᠯᠡᠯ ᠥᠭᠴᠦ᠂ ᠡᠨᠡ ᠳᠠᠭᠠᠤ ᠵᠠᠰᠠᠭ ᠤᠨ ᠭᠠᠵᠠᠷ ᠠᠴᠠ 《ᠢᠷᠭᠡᠳ ᠦᠨ ᠲᠡᠳᠬᠦᠪᠦᠷᠢ ᠪᠠᠷᠢᠴᠠᠭᠠᠯᠠᠭᠰᠠᠨ ᠵᠢᠭᠡᠯᠡ ᠶᠢᠨ ᠲᠥᠯᠦᠪᠦᠷᠢ ᠶᠢ ᠲᠥᠷᠦ ᠡᠴᠡ ᠨᠢᠭᠡ ᠤᠳᠠᠭ᠎ᠠ ᠤᠯᠭᠤᠬᠤ ᠲᠤᠬᠠᠢ ᠬᠠᠤᠯᠢ ᠶᠢᠨ ᠲᠥᠰᠦᠯ》 ᠢ ᠤᠯᠤᠰ ᠤᠨ ᠶᠡᠬᠡ ᠬᠤᠷᠠᠯ ᠲᠤ ᠡᠷᠭᠦᠨ ᠮᠡᠳᠡᠭᠦᠯᠵᠦ᠂ ᠬᠡᠯᠡᠯᠴᠡᠭᠦᠯᠵᠦ ᠪᠤᠢ᠃ ᠤᠭ ᠬᠠᠤᠯᠢ ᠶᠢᠨ ᠲᠥᠰᠦᠯ ᠦᠨ ᠬᠡᠯᠡᠯᠴᠡᠭᠦᠯᠭᠡ ᠶᠢᠨ ᠦᠶ᠎ᠡ ᠪᠡᠷ ᠪᠡᠶ᠎ᠡ ᠳᠠᠭᠠᠭᠠᠭᠴᠢ ᠭᠡᠰᠢᠭᠦᠨ ᠰ∙ᠵᠢᠪᠬᠤᠯᠠᠩ ᠄ ᠠᠬᠠᠮᠠᠳ ᠤᠳ ᠤᠨ ᠢᠶᠠᠨ ᠲᠡᠳᠬᠦᠪᠦᠷᠢ ᠶᠢᠨ ᠵᠢᠭᠡᠯᠡ ᠶᠢ ᠲᠢᠭᠯᠡᠬᠦ ᠭᠡᠵᠦ ᠪᠠᠶᠢᠭ᠎ᠠ ᠨᠢ ᠵᠥᠪ᠃ ᠵᠢᠪᠬᠤᠯᠠᠩ ᠤᠨ ᠲᠣᠪᠴᠢᠯᠠᠭᠤᠷ ᠳᠡᠮᠵᠢᠭᠰᠡᠨ ᠳᠡᠭᠡᠷ᠎ᠡ ᠭᠠᠷᠤᠨ᠎ᠠ᠃ ᠲᠠ ᠪᠦᠬᠦᠨ ᠥᠨᠥᠳᠥᠷ ᠪᠢᠰᠢ ᠲᠥᠷᠥ ᠳᠦ ᠭᠠᠷᠤᠭᠰᠠᠨ ᠤ ᠪᠠᠨ ᠳᠠᠷᠠᠭ᠎ᠠ ᠰᠢᠢᠳᠪᠦᠷᠢᠯᠡᠭᠰᠡᠨ ᠪᠣᠯ ᠪᠣᠯᠬᠤ ᠪᠠᠶᠢᠯ᠎ᠠ᠃ ᠲᠥᠷᠦ ᠶᠢᠨ ᠥᠨᠳᠦᠷ ᠠᠯᠪᠠᠨ ᠲᠤᠰᠢᠶᠠᠯ ᠢ ᠶᠠᠭᠠᠬᠢᠵᠤ ᠰᠣᠩᠭᠣᠭᠤᠯᠢ ᠶᠢᠨ ᠬᠠᠤᠯᠢ ᠵᠥᠷᠢᠴᠡᠵᠦ ᠬᠢᠵᠦ ᠪᠣᠯᠳᠠᠭ ᠢ ᠬᠠᠷᠠᠭᠤᠯᠵᠤ ᠪᠠᠶᠢᠨ᠎ᠠ᠃ ᠲᠡᠳᠬᠦᠪᠦᠷᠢ ᠶᠢᠨ ᠵᠢᠭᠡᠯᠡ ᠶᠢ ᠲᠢᠭᠯᠡᠭᠰᠡᠨ ᠲᠡᠢ ᠬᠣᠯᠪᠣᠭᠳᠠᠭᠤᠯᠤᠨ 《ᠰᠣᠩᠭᠣᠨ ᠰᠣᠩᠭᠣᠨ ᠨᠢᠭᠡ ᠴᠠᠳᠤᠨ᠎ᠠ᠂ ᠰᠣᠩᠭᠣᠭᠤᠯᠢ ᠳᠦᠬᠦᠬᠦ ᠪᠡᠷ ᠨᠢᠭᠡ ᠴᠠᠳᠤᠨ᠎ᠠ》 ᠭᠡᠵᠦ ᠵᠦᠢᠷ ᠦᠭᠡ ᠨᠡᠮᠡᠭᠳᠡᠵᠦ ᠪᠠᠶᠢᠨ᠎ᠠ᠃ ᠲᠠ ᠨᠠᠷ ᠳᠠᠷᠠᠭ᠎ᠠ ᠪᠠᠷ ᠨᠢ ᠠᠬᠠᠮᠠᠳ ᠤᠳ ᠢ ᠰᠣᠩᠭᠣᠭᠤᠯᠢ ᠳᠤ ᠪᠢᠲᠡᠭᠡᠢ ᠴᠢᠷᠦᠭᠡᠳ ᠪᠠᠶᠢᠭᠠᠷᠠᠢ ᠭᠡᠰᠡᠨ ᠪᠠᠶᠢᠷᠢ ᠰᠠᠭᠤᠷᠢ ᠢᠯᠡᠷᠬᠡᠶᠢᠯᠡᠪᠡ᠃
ᠤᠯᠤᠰ ᠤᠨ ᠶᠡᠬᠡ ᠬᠤᠷᠠᠯ ᠤᠨ ᠳᠠᠷᠤᠭ᠎ᠠ ᠭ∙ᠽᠠᠨᠳᠠᠨᠰᠢᠲᠠᠷ᠎ᠠ ᠬᠠᠷᠢᠭᠤ ᠳᠤ ᠨᠢ᠄ ᠵᠢᠪᠬᠤᠯᠠᠩ ᠭᠡᠰᠢᠭᠦᠨ ᠵᠥᠪ ᠦᠭᠡ ᠬᠡᠯᠡᠯ᠎ᠡ᠃ ᠡᠨᠡ ᠪᠣᠯ ᠴᠠᠭ ᠬᠤᠭᠤᠴᠠᠭᠠᠨ ᠤ ᠬᠤᠪᠢ ᠳᠤ ᠳᠠᠪᠬᠤᠴᠠᠭᠰᠠᠨ ᠠᠴᠠ ᠪᠤᠰᠤ ᠰᠣᠩᠭᠣᠭᠤᠯᠢ ᠲᠠᠢ ᠬᠣᠯᠪᠣᠭ᠎ᠠ ᠦᠭᠡᠢ ᠂ ᠪᠤᠶᠠᠨ ᠲᠠᠢ ᠠᠵᠢᠯ ᠭᠡᠰᠡᠨ ᠬᠠᠷᠢᠭᠤᠯᠲᠠ ᠥᠭᠭᠦᠭᠰᠡᠨ ᠶᠤᠮ᠃

ᠰᠡᠳᠬᠢᠭᠳᠡᠯ ᠦᠯᠡᠳᠡᠭᠡᠬᠦ