ᠮᠣᠩᠭᠣᠯ ᠤᠯᠤᠰ ᠤᠨ ᠭᠠᠳᠠᠭᠠᠳᠤ ᠬᠠᠷᠢᠯᠴᠠᠭᠠᠨ ᠤ ᠳᠡᠳ᠋ ᠰᠠᠶᠢᠳ ᠪ∙ᠪᠠᠲᠤᠴᠡᠴᠡᠭ ᠮᠣᠩᠭᠣᠯ ᠤᠯᠤᠰ ᠠᠴᠠ ᠠᠮᠧᠷᠢᠺᠠ ᠶᠢᠨ ᠰᠠᠨ ᠹᠷᠠᠨᠼᠢᠰᠺᠣ ᠬᠤᠲᠠ ᠳᠤ ᠰᠠᠭᠤᠬᠤ ᠶᠡᠷᠦᠩᠬᠡᠢ ᠺᠤᠨᠰᠦ᠋ᠯ ᠪ∙ᠤᠷᠭᠤᠮᠠᠯᠴᠡᠴᠡᠭ ᠲᠦ ᠺᠤᠨᠰᠦ᠋ᠯ ᠤᠨ ᠫᠠᠲ᠋ᠧᠨᠲ ᠢ ᠥᠨᠥᠳᠥᠷ ᠭᠠᠷᠳᠠᠭᠤᠯᠵᠤ ᠥᠭᠭᠦᠯ᠎ᠡ᠃
ᠠᠭᠤᠯᠵᠠᠯᠲᠠ ᠶᠢᠨ ᠦᠶ᠎ᠡ ᠪᠡᠷ ᠳᠡᠳ᠋ ᠰᠠᠶᠢᠳ ᠪ∙ᠪᠠᠲᠤᠴᠡᠴᠡᠭ ᠠᠮᠧᠷᠢᠺᠠ ᠳᠦ ᠮᠣᠩᠭᠣᠯ ᠤᠯᠤᠰ ᠤᠨ 30 ᠭᠠᠷᠤᠢ ᠮᠢᠩᠭᠠᠨ ᠢᠷᠭᠡᠨ ᠠᠵᠢᠯᠯᠠᠵᠤ᠂ ᠠᠮᠢᠳᠤᠷᠠᠵᠤ ᠪᠠᠶᠢᠭ᠎ᠠ ᠶᠢ ᠲᠡᠮᠳᠡᠭᠯᠡᠭᠡᠳ᠂ ᠶᠡᠷᠦᠩᠬᠡᠢ ᠺᠤᠨᠰᠦ᠋ᠯ ᠤᠨ ᠭᠠᠵᠠᠷ ᠤᠨ ᠲᠣᠭᠣᠷᠢᠭ ᠲᠤ ᠪᠤᠢ ᠢᠷᠭᠡᠳ ᠲᠦ ᠪᠡᠨ ᠲᠥᠷᠥ ᠶᠢᠨ ᠦᠢᠯᠡᠴᠢᠯᠡᠭᠡ ᠶᠢ ᠴᠢᠨᠠᠷᠲᠠᠢ᠂ ᠲᠦᠷᠭᠡᠨ ᠰᠢᠭᠤᠷᠬᠠᠢ᠂ ᠬᠦᠨᠳᠦ ᠰᠤᠷᠲᠠᠯ ᠦᠭᠡᠢ ᠦᠵᠡᠭᠦᠯᠬᠦ ᠶᠣᠰᠣᠲᠠᠢ ᠶᠢ ᠣᠨᠴᠠᠯᠠᠵᠤ᠂ ᠠᠵᠢᠯ ᠤᠨ ᠠᠮᠵᠢᠯᠲᠠ ᠬᠦᠰᠡᠪᠡ᠃
ᠠᠮᠧᠷᠢᠺᠠ ᠶᠢᠨ ᠰᠠᠨ ᠹᠷᠠᠨᠼᠢᠰᠺᠣ ᠬᠤᠲᠠ ᠳᠤ ᠰᠠᠭᠤᠭ᠎ᠠ ᠶᠡᠷᠦᠩᠬᠡᠢ ᠺᠤᠨᠰᠦ᠋ᠯ ᠤᠨ ᠭᠠᠵᠠᠷ ᠤᠨ ᠲᠣᠭᠣᠷᠢᠭ ᠲᠤ ᠠᠷᠢᠽᠣᠨᠠ᠂ ᠠᠶᠢᠳ᠋ᠬᠤ᠋ ᠂ ᠸᠠᠰᠢᠩᠲ᠋ᠣᠨ᠂ ᠸᠠᠶᠣᠮᠢᠨ᠂ ᠬᠤᠶᠢᠳᠤ ᠳ᠋ᠠᠺᠤᠲ᠋ᠠ᠂ ᠡᠮᠦᠨᠡᠲᠦ ᠳ᠋ᠠᠺᠤᠲ᠋ᠠ᠂ ᠺᠠᠯᠢᠹᠤᠷᠨᠢᠶ᠎ᠠ᠂ ᠺᠠᠨᠵᠠᠰ᠂ ᠺᠤᠯᠤᠷᠠᠳᠤ᠋ ᠵᠡᠷᠭᠡ ᠭᠠᠵᠠᠷ ᠤᠳ ᠬᠠᠮᠤᠷᠤᠭᠳᠠᠳᠠᠭ ᠪᠠᠶᠢᠨ᠎ᠠ᠃ ᠶᠡᠷᠦᠩᠬᠡᠢ ᠺᠤᠨᠰᠦ᠋ᠯ ᠪ∙ᠤᠷᠭᠤᠮᠠᠯᠴᠡᠴᠡᠭ ᠨᠢ 2013 ᠣᠨ ᠳᠤ ᠪᠣᠯᠪᠠᠰᠤᠷᠠᠯ᠂ ᠰᠢᠨᠵᠢᠯᠡᠬᠦ ᠤᠬᠠᠭᠠᠨ ᠤ ᠳᠡᠳ᠋ ᠰᠠᠶᠢᠳ ᠢᠶᠠᠷ ᠠᠵᠢᠯᠯᠠᠵᠤ ᠪᠠᠶᠢᠭᠰᠠᠨ ᠪᠢᠯᠡ᠃