78 ᠨᠠᠰᠤᠲᠠᠢ ᠪ∙ᠵᠢᠯᠪᠠ ᠭᠤᠸᠠᠢ ᠡᠪᠦᠯ ᠦᠨ ᠨᠠᠭᠠᠳᠤᠮ ᠳᠤ ᠬᠦᠴᠦ ᠦᠵᠡᠨ᠎ᠡ  | News.MN

78 ᠨᠠᠰᠤᠲᠠᠢ ᠪ∙ᠵᠢᠯᠪᠠ ᠭᠤᠸᠠᠢ ᠡᠪᠦᠯ ᠦᠨ ᠨᠠᠭᠠᠳᠤᠮ ᠳᠤ ᠬᠦᠴᠦ ᠦᠵᠡᠨ᠎ᠡ 

2020 ᠣᠨ ᠤ ᠠᠬᠠᠮᠠᠳ ᠤᠨ ᠡᠪᠦᠯ ᠦᠨ ᠣᠯᠢᠮᠫ ᠠᠦ᠋ᠰᠲᠷᠢᠶ᠎ᠠ ᠤᠯᠤᠰ ᠤᠨ ᠢᠨᠰᠪᠡᠷᠤᠺ ᠬᠤᠲᠠ ᠳᠤ ᠨᠢᠭᠡᠳᠦᠭᠡᠷ ᠰᠠᠷ᠎ᠠ ᠶᠢᠨ 8 ᠍ ᠳᠦ ᠨᠡᠭᠡᠭᠡᠯᠲᠡ ᠪᠡᠨ ᠬᠢᠵᠦ᠂ ᠭᠤᠷᠪᠠᠳᠠᠬᠢ ᠤᠳᠠᠭ᠎ᠠ ᠪᠠᠨ ᠵᠣᠬᠢᠶᠠᠨ ᠪᠠᠶᠢᠭᠤᠯᠤᠭᠳᠠᠬᠤ ᠶᠤᠮ᠃ ᠡᠭᠦᠨ ᠳᠦ ᠮᠠᠨ ᠤ ᠤᠯᠤᠰ ᠠᠴᠠ ᠬᠣᠺᠺᠧᠢ᠂ ᠲᠡᠰᠢᠭᠦᠷ᠂ ᠴᠠᠨ᠎ᠠ ᠶᠢᠨ ᠲᠥᠷᠥᠯ ᠢᠶᠡᠷ 17 ᠲᠠᠮᠢᠷᠴᠢᠨ ᠣᠷᠣᠯᠴᠠᠬᠤ ᠪᠠᠷ ᠪᠡᠯᠡᠳᠬᠡᠯ ᠳᠦ ᠪᠡᠨ ᠭᠠᠷᠤᠭᠠᠳ ᠪᠠᠶᠢᠨ᠎ᠠ᠃ ᠲᠡᠳᠡᠨ ᠦ ᠳᠣᠲᠣᠷ᠎ᠠ ᠡᠳᠦᠭᠡ 78 ᠨᠠᠰᠤᠲᠠᠢ ᠪ∙ᠵᠢᠯᠪᠠ ᠭᠤᠸᠠᠢ ᠪᠠᠭᠲᠠᠵᠤ ᠪᠤᠢ ᠃ ᠲᠡᠷᠡᠪᠡᠷ ᠮᠠᠨ ᠤ ᠲᠠᠮᠢᠷᠴᠢᠳ ᠠᠴᠠ ᠬᠠᠮᠤᠭ ᠤᠨ ᠠᠬᠠᠮᠠᠳ ᠨᠢ ᠪᠥᠭᠡᠳ ᠭᠦᠶᠦᠯᠲᠡ ᠶᠢᠨ ᠲᠡᠰᠢᠭᠦᠷ ᠦᠨ ᠲᠥᠷᠥᠯ ᠢᠶᠡᠷ 500᠂ 1000᠂ 1500᠂ 3000 ᠮᠧᠲ᠋ᠷ ᠦᠨ ᠵᠠᠢ ᠳᠤ ᠤᠷᠤᠯᠳᠤᠨ᠎ᠠ᠃ ᠮᠥᠨ ᠨᠡᠭᠡᠭᠡᠯᠲᠡ ᠶᠢᠨ ᠠᠷᠭ᠎ᠠ ᠬᠡᠮᠵᠢᠶᠡᠨ ᠳᠦ ᠲᠤᠭᠴᠢ ᠶᠢᠨ ᠡᠭᠦᠷᠭᠡ ᠭᠦᠢᠴᠡᠳᠭᠡᠬᠦ ᠪᠡᠷ ᠪᠣᠯᠵᠠᠢ᠃  ᠲᠡᠷᠡ ᠄ 1964 ᠣᠨ ᠳᠤ ᠠᠦ᠋ᠰᠲᠷᠢᠶ᠎ᠠ  ᠳᠦ ᠡᠪᠦᠯ ᠦᠨ ᠤᠯᠢᠮᠫ ᠲᠤ ᠣᠷᠣᠯᠴᠠᠭᠰᠠᠨ ᠮᠢᠨᠢ ᠠᠩᠬᠠᠨ ᠤ ᠣᠯᠢᠮᠫ ᠪᠣᠯᠤᠭᠰᠠᠨ᠃ 78 ᠨᠠᠰᠤᠲᠠᠢ ᠳᠤ ᠪᠠᠨ ᠡᠨᠳᠡ ᠳᠠᠬᠢᠨ ᠮᠥᠷ ᠢᠶᠡᠨ ᠭᠠᠷᠭᠠᠨ᠎ᠠ ᠭᠡᠵᠦ ᠪᠣᠳᠣᠬᠤ ᠪᠠᠷ ᠰᠠᠶᠢᠬᠠᠨ᠃ ᠰᠠᠷ᠎ᠠ ᠬᠦᠷᠬᠦ ᠦᠭᠡᠢ ᠬᠤᠭᠤᠴᠠᠭᠠᠨ ᠤ ᠳᠠᠷᠠᠭ᠎ᠠ ᠣᠯᠢᠮᠫ ᠡᠬᠢᠯᠡᠬᠦ ᠭᠡᠵᠦ ᠪᠠᠶᠢᠨ᠎ᠠ᠃ ᠡᠪᠦᠭᠡᠨ ᠠᠬ᠎ᠠ ᠨᠢ ᠪᠡᠯᠡᠳᠬᠡᠯ ᠢᠶᠡᠨ ᠤᠯᠠᠮ ᠴᠢᠮᠪᠠᠶᠢᠷᠠᠭᠤᠯᠵᠤ ᠪᠠᠶᠢᠭ᠎ᠠ᠃ ᠵᠠᠯᠠᠭᠤ ᠳᠤ ᠪᠠᠨ ᠠᠪᠤᠭ᠎ᠠ ᠦᠭᠡᠢ ᠮᠧᠳᠠᠯ ᠢᠶᠠᠨ ᠣᠳᠣ ᠠᠪᠴᠤ᠂ ᠳᠤᠲᠠᠭᠤ  ᠪᠠᠨ ᠭᠦᠢᠴᠡᠭᠡᠵᠦ ᠶᠠᠭᠠᠬᠢᠭᠠᠳ ᠴᠢᠳᠠᠬᠤ ᠦᠭᠡᠢ ᠭᠡᠵᠦ ᠬᠡᠮᠡᠨ ᠶᠠᠷᠢᠭᠰᠠᠨ ᠶᠤᠮ᠃

ᠰᠡᠳᠬᠢᠭᠳᠡᠯ ᠦᠯᠡᠳᠡᠭᠡᠬᠦ