ᠬᠣᠪᠣᠷ ᠠᠮᠢᠲᠠᠨ ‍ᠣ ᠡᠳ᠋ ᠡᠷᠬᠡᠲᠡᠨ ᠢ ᠲᠡᠭᠡᠭᠡᠪᠦᠷᠢᠯᠡᠵᠦ ᠶᠠᠪᠤᠭᠰᠠᠨ ᠮᠠᠰᠢᠨ ᠢ ᠰᠠᠭᠠᠲᠠᠭᠤᠯᠵᠠᠢ  | News.MN

ᠬᠣᠪᠣᠷ ᠠᠮᠢᠲᠠᠨ ‍ᠣ ᠡᠳ᠋ ᠡᠷᠬᠡᠲᠡᠨ ᠢ ᠲᠡᠭᠡᠭᠡᠪᠦᠷᠢᠯᠡᠵᠦ ᠶᠠᠪᠤᠭᠰᠠᠨ ᠮᠠᠰᠢᠨ ᠢ ᠰᠠᠭᠠᠲᠠᠭᠤᠯᠵᠠᠢ 

ᠦᠨᠦ ᠥᠷᠯᠥᠭᠡ 07᠄30 ᠴᠠᠭ ᠤᠨ ᠣᠷᠴᠢᠮ ᠳᠤ ᠬᠥᠪᠰᠥᠭᠥᠯ ᠠᠶᠢᠮᠠᠭ ᠤᠨ ᠬᠠᠷᠢᠶᠠᠲᠤ ᠢᠷᠭᠡᠨ ︽ᠨ ︾ ᠬᠣᠪᠣᠷ ᠠᠮᠢᠲᠠᠨ᠍ ᠤ ᠵᠢᠭᠰᠠᠭᠠᠯᠲᠠ ᠳᠤ ᠣᠷᠣᠭᠰᠠᠨ ᠲᠤᠯᠠ ᠵᠢᠭᠠᠰᠤ ᠭᠤᠷᠪᠠᠨ ᠰᠢᠷᠬᠡᠭ᠂ ᠬᠠᠯᠢᠭᠤᠨ ᠪᠤᠭᠤ ᠶᠢᠨ ᠡᠳ᠋ ᠡᠷᠬᠡᠲᠡᠨ ᠪᠣᠯᠬᠤ ᠴᠢᠪ ᠲᠠᠪᠤᠨ ᠰᠢᠷᠬᠡᠭ ᠢ ᠲᠡᠭᠡᠭᠡᠪᠦᠷᠢᠯᠡᠵᠦ ᠶᠠᠪᠤᠭᠰᠠᠨ ᠢ ᠡᠮᠡᠭᠡᠯᠲᠦ ᠳ᠋ᠡᠬᠢ ᠰᠢᠯᠭᠠᠨ ᠨᠡᠪᠲᠡᠷᠡᠭᠦᠯᠬᠦ ᠴᠡᠭ ᠲᠦ ᠡᠭᠦᠷᠭᠡ ᠭᠦᠢᠴᠡᠳᠭᠡᠵᠦ ᠪᠠᠶᠢᠭᠰᠠᠨ ᠨᠡᠶᠢᠲᠡ ᠶᠢᠨ ᠬᠡᠪ ᠵᠢᠷᠤᠮ ᠬᠠᠮᠠᠭᠠᠯᠠᠬᠤ᠂ ᠣᠯᠠᠨ ᠨᠡᠶᠢᠲᠡ ᠶᠢᠨ ᠠᠶᠤᠯᠭᠦᠢ ᠪᠠᠶᠢᠳᠠᠯ ᠢ ᠬᠠᠩᠭᠠᠬᠤ ᠠᠯᠪᠠᠨ ᠤ  ᠬᠦᠷᠢᠶᠡᠯᠡᠨ ᠪᠤᠢ ᠣᠷᠴᠢᠨ ᠤ ᠬᠢᠨᠠᠯᠲᠠ ᠶᠢᠨ ᠬᠡᠯᠲᠡᠰ ᠦᠨ ᠠᠯᠪᠠ ᠬᠠᠭᠠᠭᠴᠢᠳ ᠢᠯᠡᠷᠡᠭᠦᠯᠵᠡᠢ᠃
ᠲᠤᠯᠠ ᠵᠢᠭᠠᠰᠤ ᠪᠣᠯᠤᠨ ᠪᠤᠭᠤ ᠶᠢᠨ ᠴᠢᠪ ᠢ ᠬᠤᠷᠢᠶᠠᠨ ᠠᠪᠴᠤ ᠮᠥᠷᠳᠡᠨ ᠪᠠᠶᠢᠴᠠᠭᠠᠬᠤ ᠠᠯᠪᠠᠨ ᠤ  ᠬᠦᠷᠢᠶᠡᠯᠡᠨ ᠪᠤᠢ ᠣᠷᠴᠢᠨ ᠤ ᠡᠰᠡᠷᠭᠦ ᠭᠡᠮᠲᠦ ᠬᠡᠷᠡᠭ ᠮᠥᠷᠳᠡᠨ ᠰᠢᠯᠭᠠᠬᠤ ᠬᠡᠯᠲᠡᠰ ᠲᠦ ᠰᠢᠯᠭᠠᠭᠤᠯᠬᠤ ᠪᠠᠷ ᠥᠭᠭᠦᠭᠰᠡᠨ ᠪᠠᠶᠢᠨ᠎ᠠ᠃  ᠬᠣᠪᠣᠷ᠂ ᠨᠡᠩ ᠬᠣᠪᠣᠷ ᠠᠮᠢᠲᠠᠳ ᠤᠨ ᠲᠣᠭ᠎ᠠ ᠲᠣᠯᠣᠭᠠᠢ ᠰᠡᠭᠦᠯ ᠦᠨ ᠠᠷᠪᠠ ᠭᠠᠷᠤᠶᠢᠬᠠᠨ ᠵᠢᠯ ᠳᠦ 70-90 ᠬᠤᠪᠢ ᠣᠭᠴᠣᠮ ᠪᠠᠭᠤᠷᠠᠵᠤ ᠪᠠᠶᠢᠨ᠎ᠠ᠃ ᠬᠣᠪᠣᠷ ᠠᠮᠢᠲᠠᠨ ᠢᠶᠠᠷ ᠴᠤ ᠵᠣᠭᠰᠣᠬᠤ ᠦᠭᠡᠢ ᠡᠯᠪᠡᠭ ᠭᠡᠵᠦ ᠦᠵᠡᠭᠳᠡᠳᠡᠭ ᠠᠩᠨᠠᠭᠤᠷ ᠤᠨ ᠠᠴᠢ ᠬᠣᠯᠪᠣᠭᠳᠠᠯ ᠲᠠᠢ ᠠᠮᠢᠲᠠᠳ ᠪᠣᠯᠬᠤ ᠲᠠᠷᠪᠠᠭ᠎ᠠ᠂ ᠴᠠᠭᠠᠨ ᠵᠡᠭᠡᠷ᠎ᠡ ᠵᠡᠷᠭᠡ ᠠᠮᠢᠲᠠᠳ ᠤᠨ ᠲᠣᠭ᠎ᠠ ᠲᠣᠯᠣᠭᠠᠢ ᠴᠤ ᠴᠥᠭᠡᠷᠡᠭᠰᠡᠭᠡᠷ ᠪᠠᠶᠢᠭ᠎ᠠ ᠶᠢ ᠠᠩᠬᠠᠷᠤᠭᠤᠰᠢᠲᠠᠢ᠃

ᠰᠡᠳᠬᠢᠭᠳᠡᠯ ᠦᠯᠡᠳᠡᠭᠡᠬᠦ