ᠼ∙ᠳᠡᠯᠭᠡᠷᠮ᠎ᠠ 16 ᠵᠢᠯ ᠦᠨ ᠳᠠᠷᠠᠭ᠎ᠠ ᠡᠬᠡ ᠣᠷᠣᠨ ᠳᠤ ᠪᠠᠨ ᠢᠷᠡᠯ᠎ᠡ  | News.MN

ᠼ∙ᠳᠡᠯᠭᠡᠷᠮ᠎ᠠ 16 ᠵᠢᠯ ᠦᠨ ᠳᠠᠷᠠᠭ᠎ᠠ ᠡᠬᠡ ᠣᠷᠣᠨ ᠳᠤ ᠪᠠᠨ ᠢᠷᠡᠯ᠎ᠡ 

1999-2005 ᠣᠨ ᠤ ᠬᠣᠭᠣᠷᠣᠨᠳᠣ 《ᠤᠷᠤᠭᠤᠯ ᠤᠨ ᠪᠤᠳᠤᠭ》 ᠨᠡᠷ᠎ᠡ ᠲᠡᠢ ᠪᠡᠷ ᠷᠣᠺ ᠫᠣᠫ ᠤᠨ ᠶᠢᠷᠲᠢᠨᠴᠦ ᠳᠦ ᠴᠠᠬᠢᠭᠤᠷ ᠬᠠᠭᠠᠯᠵᠤ ᠶᠠᠪᠤᠭᠰᠠᠨ ᠦᠬᠢᠳ ᠤᠨ ᠨᠢᠭᠡ ᠼ∙ᠳᠡᠯᠭᠡᠷᠮ᠎ᠠ 16 ᠵᠢᠯ ᠦᠨ ᠳᠠᠷᠠᠭ᠎ᠠ ᠡᠬᠡ ᠣᠷᠣᠨ ᠳᠤ ᠪᠠᠨ ᠢᠷᠡᠯ᠎ᠡ᠃ ᠣᠯᠠᠨ ᠵᠢᠯ ᠦᠨ ᠳᠠᠷᠠᠭ᠎ᠠ᠂ ᠡᠬᠡ ᠣᠷᠣᠨ ᠳᠤ ᠪᠠᠨ ᠰᠢᠨ᠎ᠡ ᠣᠨ ᠢᠶᠠᠨ ᠭᠠᠷᠭᠠᠬᠤ ᠪᠠᠷ ᠢᠷᠡᠭᠰᠡᠨ ᠳᠠᠭᠤᠴᠢᠨ ᠪᠦᠰᠡᠭᠦᠢ ᠡᠨᠡ ᠦᠶ᠎ᠡ ᠪᠡᠷ ᠢᠶᠡᠨUBS  ᠲᠸᠯᠸᠢᠰ ᠦᠨ 《ᠺᠣᠹᠧ ᠤᠤ ᠴᠠᠢ ᠤᠤ》 ᠥᠷᠯᠥᠭᠡᠨ ᠦ ᠨᠡᠪᠲᠡᠷᠡᠭᠦᠯᠭᠡ ᠳᠦ ᠨᠥᠬᠥᠷ ᠦᠨ ᠬᠠᠮᠲᠤ ᠤᠷᠢᠭᠳᠠᠨ ᠣᠷᠣᠯᠴᠠᠵᠠᠢ᠃
ᠲᠤᠰ ᠬᠠᠮᠲᠤᠯᠢᠭ ᠤᠨ ᠠᠬᠠᠯᠠᠭᠴᠢ ᠼ∙ᠳᠡᠯᠭᠡᠷᠮ᠎ᠠ ᠨᠢ ᠡᠳᠦᠭᠡ ᠬᠦᠭᠵᠢᠮ ᠰᠤᠳᠤᠯᠤᠭᠠᠴᠢ᠂ ᠳ᠋ᠣᠺᠲ᠋ᠣᠷ ᠤᠨ ᠵᠡᠷᠭᠡ ᠲᠡᠢ 《ᠬᠥᠭᠵᠢᠮ ᠦᠨ ᠭᠣᠴᠣ ᠠᠪᠢᠶᠠᠰᠲᠠᠨ》 ᠍ ᠤ ᠪᠠᠭᠰᠢ ᠮᠡᠷᠭᠡᠵᠢᠯ ᠢᠶᠡᠷ  ᠪᠦᠭᠦᠳᠡ ᠨᠠᠶᠢᠷᠠᠮᠳᠠᠬᠤ ᠰᠤᠯᠤᠩᠭᠤᠰ ᠤᠯᠤᠰ ᠲᠤ ᠠᠵᠢᠯᠯᠠᠵᠤ ᠠᠮᠢᠳᠤᠷᠠᠵᠤ ᠪᠠᠶᠢᠭ᠎ᠠ᠃ ᠲᠡᠷᠡᠪᠡᠷ ᠢᠤᠨᠢᠰᠸᠢ ᠶᠡᠬᠡ ᠰᠤᠷᠭᠠᠭᠤᠯᠢ ᠳᠤ ᠮᠠᠭᠢᠰᠲ᠋ᠷ ᠤᠨ ᠵᠡᠷᠭᠡ ᠬᠠᠮᠠᠭᠠᠯᠠᠬᠤ ᠳᠤ ᠪᠠᠨ 《ᠭᠣᠴᠣ ᠠᠪᠢᠶᠠᠰ ᠲᠠᠢ ᠬᠡᠦᠬᠡᠳ ᠦᠳ ᠢ ᠬᠡᠷᠬᠢᠨ᠂  ᠶᠠᠭᠠᠬᠢᠵᠤ ᠵᠥᠪ ᠰᠣᠩᠭᠣᠵᠤ ᠠᠪᠬᠤ ᠪᠤᠢ》 ᠭᠡᠬᠦ ᠰᠡᠳᠦᠪ ᠢ ᠰᠣᠩᠭᠣᠨ ᠬᠠᠮᠠᠭᠠᠯᠠᠭᠰᠠᠨ ᠨᠢ ᠲᠡᠭᠦᠨ ᠦ ᠠᠵᠢᠯ ᠤᠨ ᠭᠠᠷᠤᠭ᠎ᠠ ᠪᠣᠯᠵᠠᠢ᠃  ᠲᠠᠰᠢᠷᠠᠮ ᠳᠤ ᠳᠤᠷᠠᠳᠬᠤ ᠳᠤ᠂ ᠼ∙ᠳᠡᠯᠭᠡᠷᠮ᠎ᠠ ᠶᠢᠨ ᠨᠥᠬᠥᠷ ᠺᠢᠮ ᠵᠤᠩ ᠮᠢᠩ ᠨᠢ  ᠰᠤᠯᠤᠩᠭᠤᠰ ᠤᠨ ᠢᠷᠭᠡᠨ᠂ ᠬᠥᠭᠵᠢᠮᠴᠢᠨ ᠮᠡᠷᠭᠡᠵᠢᠯ ᠲᠡᠢ ᠶᠤᠮ ᠃

ᠰᠡᠳᠬᠢᠭᠳᠡᠯ ᠦᠯᠡᠳᠡᠭᠡᠬᠦ