ᠮᠣᠩᠭᠣᠯ ᠤᠨ ᠦᠨᠳᠦᠰᠦᠨ ᠦ ᠰᠡᠷᠭᠦᠨ ᠮᠠᠨᠳᠤᠯ ᠤᠨ ᠨᠠᠮ ᠢ ᠪᠦᠷᠢᠳᠬᠡᠬᠦ ᠡᠴᠡ ᠲᠠᠲᠠᠭᠠᠯᠵᠠᠪᠠ  | News.MN

ᠮᠣᠩᠭᠣᠯ ᠤᠨ ᠦᠨᠳᠦᠰᠦᠨ ᠦ ᠰᠡᠷᠭᠦᠨ ᠮᠠᠨᠳᠤᠯ ᠤᠨ ᠨᠠᠮ ᠢ ᠪᠦᠷᠢᠳᠬᠡᠬᠦ ᠡᠴᠡ ᠲᠠᠲᠠᠭᠠᠯᠵᠠᠪᠠ 

ᠮᠣᠩᠭᠣᠯ ᠤᠨ ᠦᠨᠳᠦᠰᠦᠨ ᠦ ᠰᠡᠷᠭᠦᠨ ᠮᠠᠨᠳᠤᠯ ᠤᠨ ᠨᠠᠮ ᠢ ᠪᠥᠷᠢᠳᠬᠡᠭᠦᠯᠬᠦ ᠲᠤᠬᠠᠢ ᠬᠦᠰᠡᠯᠲᠡ ᠶᠢ ᠤᠯᠤᠰ ᠤᠨ ᠳᠡᠭᠡᠳᠦ ᠰᠢᠭᠦᠬᠦ 2020 ᠣᠨ ᠤ 1 ᠳ᠋ᠤᠭᠡᠷ ᠰᠠᠷ᠎ᠠ ᠶᠢᠨ 9 ᠍ ᠦ ᠡᠳᠦᠷ ᠬᠢᠨᠠᠨ ᠬᠡᠯᠡᠯᠴᠡᠯ᠎ᠡ᠃ ᠬᠦᠰᠡᠯᠲᠡ ᠳᠦ ᠬᠠᠪᠰᠤᠷᠭᠠᠭᠰᠠᠨ ᠪᠠᠷᠢᠮᠲᠠ ᠨᠢ ︽ᠤᠯᠤᠰ ᠲᠥᠷᠥ ᠶᠢᠨ ᠨᠠᠮ ᠤᠨ ᠲᠤᠬᠠᠢ︾ ᠬᠠᠤᠯᠢ᠂ ︽ᠬᠠᠤᠯᠢ ᠶᠢᠨ ᠡᠲᠡᠭᠡᠳ ᠦᠨ ᠤᠯᠤᠰ ᠤᠨ ᠪᠦᠷᠢᠳᠬᠡᠯ ᠦᠨ ᠲᠤᠬᠠᠢ︾ ᠬᠠᠤᠯᠢ ᠪᠣᠯᠤᠨ ᠪᠤᠰᠤᠳ ᠬᠠᠤᠯᠢ ᠳᠤ ᠵᠢᠭᠠᠭᠰᠠᠨ ᠱᠠᠭᠠᠷᠳᠠᠯᠭ᠎ᠠ ᠶᠢ ᠬᠠᠩᠭᠠᠭ᠎ᠠ ᠦᠭᠡᠢ ᠭᠡᠵᠦ ᠦᠵᠡᠵᠦ᠂ ᠳᠡᠭᠡᠳᠦ ᠰᠢᠭᠦᠬᠦ ᠤᠭ ᠨᠠᠮ ᠢ ᠤᠯᠤᠰ ᠤᠨ ᠪᠦᠷᠢᠳᠬᠡᠯ ᠳᠦ ᠪᠦᠷᠢᠳᠬᠡᠬᠦ ᠡᠴᠡ ᠲᠠᠲᠠᠭᠠᠯᠵᠠᠪᠠ ᠃ ᠡᠮᠦᠨ᠎ᠡ ᠨᠢ ᠡᠨᠡ ᠲᠤᠬᠠᠢ ᠲ∙ᠭᠠᠩᠪᠣᠯᠣᠳ ᠨᠠᠷ ᠤᠨ ᠬᠦᠰᠡᠯᠲᠡ ᠶᠢ ᠳᠡᠭᠡᠳᠦ ᠰᠢᠭᠦᠬᠦ 2019 ᠣᠨ ᠤ ᠠᠷᠪᠠᠨ ᠨᠢᠭᠡᠳᠦᠭᠡᠷ ᠰᠠᠷ᠎ᠠ ᠶᠢᠨ 28᠍ ᠤ ᠡᠳᠦᠷ ᠮᠥᠨ ᠬᠢᠨᠠᠨ ᠬᠡᠯᠡᠯᠴᠡᠵᠦ ᠪᠠᠶᠢᠭᠰᠠᠨ ᠪᠥᠭᠡᠳ ᠳᠡᠭᠡᠷᠡᠬᠢ ᠲᠡᠢ ᠢᠵᠢᠯ ᠰᠢᠯᠲᠠᠭᠠᠨ ᠢᠶᠠᠷ ᠪᠦᠷᠢᠳᠬᠡᠬᠦ ᠡᠴᠡ ᠲᠠᠲᠠᠭᠠᠯᠵᠠᠵᠤ ᠪᠠᠶᠢᠪᠠ ᠃

ᠰᠡᠳᠬᠢᠭᠳᠡᠯ ᠦᠯᠡᠳᠡᠭᠡᠬᠦ