ᠲᠡᠳᠬᠦᠪᠦᠷᠢ ᠶᠢᠨ ᠪᠤᠨᠳ᠋ ᠢ ᠵᠠᠰᠠᠭ ᠤᠨ ᠭᠠᠵᠠᠷ ᠭᠠᠷᠭᠠᠬᠤ ᠦᠭᠡᠢ  | News.MN

ᠲᠡᠳᠬᠦᠪᠦᠷᠢ ᠶᠢᠨ ᠪᠤᠨᠳ᠋ ᠢ ᠵᠠᠰᠠᠭ ᠤᠨ ᠭᠠᠵᠠᠷ ᠭᠠᠷᠭᠠᠬᠤ ᠦᠭᠡᠢ 

ᠰᠠᠩ ᠤᠨ ᠰᠠᠶᠢᠳ ᠴ∙ᠬᠦᠷᠡᠯᠪᠠᠭᠠᠲᠤᠷ ᠲᠡᠳᠬᠦᠪᠦᠷᠢ ᠶᠢᠨ ᠵᠢᠭᠡᠯᠡ ᠶᠢ ᠲᠢᠭᠯᠡᠬᠦ ᠠᠰᠠᠭᠤᠳᠠᠯ ᠢᠶᠠᠷ ᠪᠠᠶᠢᠷᠢ ᠰᠠᠭᠤᠷᠢ ᠶᠢ ᠨᠢ ᠲᠣᠳᠣᠷᠠᠭᠤᠯᠤᠯ᠎ᠠ᠃ ᠲᠡᠷᠡᠪᠡᠷ᠄ ᠮᠣᠩᠭᠣᠯ ᠪᠠᠩᠭᠢᠨ ᠤ ᠶᠡᠷᠦᠩᠬᠡᠶᠢᠯᠡᠭᠴᠢ ᠠᠰᠠᠭᠤᠳᠠᠯ ᠪᠣᠯᠪᠠᠰᠤᠷᠠᠭᠤᠯᠤᠭᠠᠳ ᠦᠨᠳᠦᠰᠦᠨ ᠦ ᠠᠶᠤᠯᠭᠦᠢ ᠪᠠᠶᠢᠳᠠᠯ ᠤᠨ ᠵᠥᠪᠯᠡᠯ ᠳᠡᠭᠡᠷ᠎ᠡ ᠲᠠᠨᠢᠯᠴᠠᠭᠤᠯᠭ᠎ᠠ ᠬᠢᠭᠰᠡᠨ ᠶᠤᠮ ᠪᠢᠯᠡ᠃ ᠵᠠᠰᠠᠭ ᠤᠨ ᠭᠠᠵᠠᠷ ᠡᠭᠦᠨ ᠦ ᠳᠠᠭᠠᠤ ᠬᠠᠤᠯᠢ ᠶᠢᠨ ᠲᠥᠰᠥᠯ ᠪᠣᠯᠪᠠᠰᠤᠷᠠᠭᠤᠯᠤᠭᠰᠠᠨ᠃ ᠢᠩᠭᠢᠭᠡᠳ ᠬᠤᠪᠢ ᠬᠦᠮᠦᠨ ᠦ ᠠᠪᠤᠭᠰᠠᠨ ᠵᠢᠭᠡᠯᠡ᠂ ᠭᠣᠣᠯᠳᠠᠭᠤ ᠬᠤᠪᠢ ᠶᠢᠨ ᠪᠠᠩᠬᠢ ᠨᠤᠭᠤᠳ ᠠᠴᠠ ᠠᠪᠤᠭᠰᠠᠨ ᠵᠢᠭᠡᠯᠡ ᠶᠢ ᠮᠣᠩᠭᠣᠯ ᠪᠠᠩᠬᠢ ᠲᠣᠳᠣᠷᠬᠠᠢ ᠰᠢᠢᠳᠦᠯ ᠭᠠᠷᠭᠠᠵᠤ ᠰᠢᠢᠳᠦᠨ᠎ᠡ ᠭᠡᠰᠡᠨ ᠲᠠᠨᠢᠯᠴᠠᠭᠤᠯᠭ᠎ᠠ ᠵᠠᠰᠠᠭ ᠤᠨ ᠭᠠᠵᠠᠷ ᠤᠨ ᠬᠤᠷᠠᠯᠳᠤᠭᠠᠨ ᠳᠡᠭᠡᠷ᠎ᠡ ᠬᠢᠭᠰᠡᠨ᠃ ᠰᠠᠯᠬᠢᠲᠤ ᠶᠢᠨ ᠮᠥᠩᠭᠥᠨ ᠦ ᠣᠷᠳᠣ ᠶᠢ ᠡᠷᠭᠢᠯᠲᠡ ᠳᠦ ᠤᠷᠤᠭᠤᠯᠬᠤ ᠵᠠᠮ ᠢᠶᠠᠷ ᠡᠨᠡ ᠠᠰᠠᠭᠤᠳᠠᠯ ᠢ ᠰᠢᠢᠳᠬᠦ ᠶᠤᠮ ᠪᠠᠶᠢᠨ᠎ᠠ ᠭᠡᠵᠦ ᠣᠶᠢᠯᠠᠭᠠᠵᠤ ᠪᠠᠶᠢᠭ᠎ᠠ᠃ ᠪᠢ ᠰᠠᠩ ᠤᠨ ᠰᠠᠶᠢᠳ ᠤᠨ ᠬᠤᠪᠢ ᠳᠤ ᠪᠠᠶᠢᠷᠢ ᠰᠠᠭᠤᠷᠢ ᠪᠠᠨ ᠢᠯᠡᠷᠬᠡᠶᠢᠯᠡᠭᠰᠡᠨ᠃ ᠤᠯᠤᠰ ᠲᠥᠷᠥ ᠶᠢᠨ ᠰᠢᠢᠳᠪᠦᠷᠢ ᠨᠢ ᠭᠠᠷᠴᠢᠬᠠᠯ᠎ᠠ᠃ ᠵᠠᠰᠠᠭ ᠤᠨ ᠭᠠᠵᠠᠷ ᠰᠢᠢᠳᠪᠦᠷᠢ ᠪᠡᠨ ᠮᠥᠨ ᠭᠠᠷᠭᠠᠴᠢᠬᠠᠯ᠎ᠠ᠃ ᠵᠠᠰᠠᠭ ᠤᠨ ᠭᠠᠵᠠᠷ ᠤᠨ ᠪᠤᠨᠳ᠋ ᠭᠠᠷᠭᠠᠬᠤ ᠦᠭᠡᠢ᠃ ᠨᠡᠭᠡᠭᠡᠯᠲᠡᠲᠡᠢ ᠪᠤᠨᠳ᠋ ᠢ ᠬᠥᠷᠥᠩᠭᠡ ᠶᠢᠨ ᠵᠠᠬ᠎ᠠ ᠵᠡᠭᠡᠯᠢ ᠳᠡᠭᠡᠷ᠎ᠡ ᠵᠠᠷᠤᠭᠠᠳ ᠶᠠᠪᠤᠭᠠᠳ ᠪᠠᠶᠢᠵᠤ ᠪᠣᠯᠳᠠᠭ᠂ ᠬᠠᠭᠠᠯᠲᠠ ᠲᠠᠢ ᠪᠤᠨᠳ᠋ ᠪᠣᠯ ᠵᠠᠷᠤᠭᠳᠠᠬᠤ ᠦᠭᠡᠢ ᠭᠡᠰᠡᠨ ᠦᠭᠡ ᠭᠡᠰᠡᠨ ᠶᠤᠮ᠃

ᠰᠡᠳᠬᠢᠭᠳᠡᠯ ᠦᠯᠡᠳᠡᠭᠡᠬᠦ