ᠪᠣᠺᠰᠴᠢᠳ ︽ᠲᠤᠤᠺᠢᠤ᠋ 2020︾ ᠳ᠋ᠥ ᠤᠷᠤᠯᠴᠠᠬᠤ ᠪᠣᠯᠤᠮᠵᠢ ᠲᠠᠢ ᠪᠣᠯᠤᠯ᠎ᠠ  | News.MN

ᠪᠣᠺᠰᠴᠢᠳ ︽ᠲᠤᠤᠺᠢᠤ᠋ 2020︾ ᠳ᠋ᠥ ᠤᠷᠤᠯᠴᠠᠬᠤ ᠪᠣᠯᠤᠮᠵᠢ ᠲᠠᠢ ᠪᠣᠯᠤᠯ᠎ᠠ 

ᠮᠡᠷᠭᠡᠵᠢᠯ ᠦᠨ ᠪᠣᠺᠰ ᠤᠨ ᠳᠥᠷᠪᠡᠨ ᠲᠣᠮᠣ ᠬᠣᠯᠪᠣᠭᠠᠨ︵WBA᠂ IBF᠂ WBO᠂ WBC︶  ‍ᠣ ᠬᠣᠶᠠᠷ ᠨᠢ ᠪᠤᠶᠤ WBA᠂ WBO  ᠪᠤᠺᠰᠴᠢᠳ ᠢᠶᠠᠨ ᠤᠯᠢᠮᠫᠢᠺ ᠤᠨ ᠨᠠᠭᠠᠳᠤᠮ ᠳᠤ ᠥᠷᠢᠰᠦᠯᠳᠦᠬᠦ ᠶᠢ  ᠵᠦᠪᠰᠢᠶᠡᠷᠡᠵᠡᠢ᠃ ᠢᠩᠭᠢᠭᠰᠡᠨ ᠢᠶᠡᠷ ᠳᠡᠭᠡᠷᠡᠬᠢ ᠬᠣᠯᠪᠣᠭᠠᠨ ᠳᠤ ᠲᠤᠯᠤᠯᠳᠤᠳᠠᠭ ᠰᠢᠯᠢᠳᠡᠭ ᠲᠠᠮᠢᠷᠴᠢᠳ ︽ᠲᠤᠤᠺᠢᠤ᠋ 2020︾ ᠤᠯᠢᠮᠫᠢᠺ  ᠤᠨ ᠨᠠᠭᠠᠳᠤᠮ ᠤᠨ ᠡᠷᠬᠡ ᠣᠯᠭᠣᠬᠤ ᠲᠡᠮᠡᠴᠡᠭᠡᠨ ᠳᠦ ᠤᠷᠤᠯᠴᠠᠬᠤ ᠪᠣᠯᠤᠮᠵᠢ ᠲᠠᠢ ᠪᠣᠯᠤᠭᠰᠠᠨ ᠪᠠᠶᠢᠨ᠎ᠠ᠃ ᠬᠠᠷᠢᠨ ᠳᠡᠯᠡᠬᠡᠢ ᠶᠢᠨ ᠪᠣᠺᠰ ᠤᠨ ᠵᠥᠪᠯᠡᠯ ᠪᠤᠶᠤ WBC ᠡᠨᠡ ᠰᠢᠢᠳᠪᠦᠷᠢ ᠶᠢᠨ ᠡᠰᠡᠷᠭᠦ ᠪᠠᠶᠢᠭ᠎ᠠ ᠪᠠᠨ ᠢᠯᠡᠷᠬᠡᠶᠢᠯᠡᠵᠡᠢ᠃ ᠬᠡᠷᠪᠡ ᠲᠤᠰ ᠬᠣᠯᠪᠣᠭᠠᠨ ᠤ ᠴᠢᠨᠰᠠᠭᠠᠨ ᠳᠤ ᠪᠠᠭᠲᠠᠳᠠᠭ ᠲᠠᠮᠢᠷᠴᠢᠳ ᠣᠯᠢᠮᠫ ᠤᠨ ᠡᠷᠬᠡ ᠶᠢᠨ ᠲᠡᠮᠡᠴᠡᠭᠡᠨ ᠳᠦ ᠤᠷᠤᠯᠴᠠᠬᠤ ᠶᠤᠮ ᠪᠣᠯ ᠡᠷᠬᠡ ᠶᠢ ᠨᠢ ᠬᠣᠶᠠᠷ ᠵᠢᠯ ᠢᠶᠡᠷ  ᠬᠠᠰᠤᠵᠤ ᠰᠢᠢᠳᠭᠡᠨ᠎ᠡ ᠭᠡᠳᠡᠭ ᠢᠶᠡᠨ ᠵᠠᠷᠯᠠᠭᠰᠠᠨ ᠪᠠᠶᠢᠨ᠎ᠠ᠃ ᠨ ∙ᠲᠡᠭᠦᠰᠴᠤᠭᠲᠤ ᠡᠨᠡ ᠬᠣᠯᠪᠣᠭᠠᠨ ᠳᠤ ᠲᠤᠯᠤᠯᠳᠤᠳᠠᠭ ᠪᠢᠯᠡ᠃

ᠰᠡᠳᠬᠢᠭᠳᠡᠯ ᠦᠯᠡᠳᠡᠭᠡᠬᠦ