ᠰᠸᠢᠰ ᠤᠨ ᠨᠡᠶᠢᠰᠯᠡᠯ ᠯᠣᠽᠠᠨ ᠬᠤᠲᠠ ᠳᠤ ᠡᠨᠡ ᠰᠠᠷ᠎ᠠ ᠶᠢᠨ 9 ᠳᠦ ᠡᠬᠢᠯᠡᠬᠦ ᠵᠠᠯᠠᠭᠤᠴᠤᠳ ᠤᠨ ᠡᠪᠦᠯ ᠦᠨ ᠤᠯᠢᠮᠫᠢᠺ ᠤᠨ ᠨᠠᠭᠠᠳᠤᠮ ᠳᠤ ᠮᠣᠩᠭᠣᠯ ᠤᠯᠤᠰ ᠲᠡᠦᠬᠡᠨ ᠳᠦ ᠪᠡᠨ ᠬᠠᠮᠤᠭ ᠤᠨ ᠣᠯᠠᠨ ᠪᠤᠶᠤ ᠵᠢᠷᠭᠤᠭᠠᠨ ᠲᠠᠮᠢᠷᠴᠢᠨ ᠢᠶᠠᠨ ᠢᠯᠡᠭᠡᠵᠦ ᠪᠠᠶᠢᠨ᠎ᠠ᠃ ᠮᠠᠨ ᠤ ᠤᠯᠤᠰ 2012 ᠣᠨ ᠳᠤ ᠠᠦ᠋ᠰᠲᠷᠢᠶ᠎ᠠ᠂ 2016 ᠣᠨ ᠳᠤ ᠨᠤᠷᠸᠠᠢ ᠳᠤ ᠪᠣᠯᠤᠭᠰᠠᠨ ᠠᠩᠬᠠᠨ ᠤ ᠬᠣᠶᠠᠷ ᠨᠠᠭᠠᠳᠤᠮ ᠳᠤ ᠲᠤᠰ ᠪᠦᠷᠢ ᠬᠣᠶᠠᠷ ᠲᠠᠮᠢᠷᠴᠢᠨ ᠢᠶᠠᠨ ᠢᠯᠡᠭᠡᠵᠦ ᠪᠠᠶᠢᠪᠠ᠃ ᠡᠨᠡ ᠤᠳᠠᠭ᠎ᠠ ᠣᠷᠣᠯᠴᠠᠵᠤ ᠪᠤᠢ ᠵᠢᠷᠭᠤᠭᠠᠨ ᠲᠠᠮᠢᠷᠴᠢᠨ ᠮᠠᠨᠢ ᠪᠢᠶᠠᠲᠯᠤᠨ᠂ ᠭᠦᠶᠦᠯᠲᠡ ᠶᠢᠨ ᠴᠠᠨ᠎ᠠ ᠭᠡᠰᠡᠨ ᠬᠣᠶᠠᠷ ᠲᠥᠷᠥᠯ ᠳᠦ ᠦᠷᠢᠰᠦᠯᠳᠦᠬᠦ ᠶᠤᠮ᠃