ᠬᠥᠪᠰᠥᠭᠥᠯ ᠠᠶᠢᠮᠠᠭ ︽ᠦᠨᠳᠦᠰᠦᠨ ᠦ ᠪᠢᠴᠢᠭ ᠢᠶᠡᠨ ᠳᠡᠭᠡᠳᠦᠯᠡᠨ ᠳᠡᠯᠭᠡᠷᠡᠭᠦᠯᠦᠭᠴᠢ ᠠᠶᠢᠮᠠᠭ︾ ᠪᠣᠯᠪᠠ  | News.MN

ᠬᠥᠪᠰᠥᠭᠥᠯ ᠠᠶᠢᠮᠠᠭ ︽ᠦᠨᠳᠦᠰᠦᠨ ᠦ ᠪᠢᠴᠢᠭ ᠢᠶᠡᠨ ᠳᠡᠭᠡᠳᠦᠯᠡᠨ ᠳᠡᠯᠭᠡᠷᠡᠭᠦᠯᠦᠭᠴᠢ ᠠᠶᠢᠮᠠᠭ︾ ᠪᠣᠯᠪᠠ 

ᠮᠣᠩᠭᠣᠯ ᠤᠨ ᠴᠠᠬᠢᠯᠭᠠᠨ ᠮᠡᠳᠡᠭᠡᠨ ᠦ ᠠᠭᠧᠨᠲᠯᠢᠭ  ᠤᠨ ︽ᠬᠥᠮᠥᠨ ᠪᠢᠴᠢᠭ︾ ᠰᠣᠨᠢᠨ ᠠᠴᠠ ᠵᠣᠬᠢᠶᠠᠨ ᠪᠠᠶᠢᠭᠤᠯᠳᠠᠭ ︽ᠮᠣᠩᠭᠣᠯ ᠤᠨ ᠰᠠᠶᠢᠬᠠᠨ ᠪᠢᠴᠢᠭᠲᠡᠨ 2019︾ ᠤᠯᠤᠰ ᠤᠨ ᠤᠷᠤᠯᠳᠤᠭᠠᠨ ᠳᠤ ᠬᠥᠪᠰᠥᠭᠥᠯ ᠠᠶᠢᠮᠠᠭ ᠠᠴᠠ 3600 ᠭᠠᠷᠤᠢ ᠪᠠᠭᠰᠢ᠂ ᠰᠤᠷᠤᠭᠴᠢ᠂ ᠢᠷᠭᠡᠳ ᠣᠷᠣᠯᠴᠠᠵᠤ᠂ ᠳᠥᠷᠪᠡᠨ ᠲᠥᠷᠥᠯ ᠦᠨ ᠠᠩᠭᠢᠯᠠᠯ ᠳᠤ ᠲᠡᠷᠢᠭᠦᠨ ᠪᠠᠶᠢᠷᠢ ᠶᠢ ᠬᠦᠷᠲᠡᠵᠦ ᠂ ᠲᠤᠰ ᠠᠶᠢᠮᠠᠭ ︽ᠦᠨᠳᠦᠰᠦᠨ ᠦ ᠪᠢᠴᠢᠭ ᠢᠶᠡᠨ ᠳᠡᠭᠡᠳᠦᠯᠡᠨ ᠳᠡᠯᠭᠡᠷᠡᠭᠦᠯᠦᠭᠴᠢ︾ ᠱᠠᠩᠨᠠᠯ ᠢ ᠬᠦᠷᠲᠡᠯ᠎ᠡ᠃
ᠲᠤᠰ ᠠᠶᠢᠮᠠᠭ ᠮᠣᠩᠭᠣᠯ ᠬᠡᠯᠡ ᠪᠢᠴᠢᠭ ᠢᠶᠡᠨ ᠲᠦᠭᠡᠭᠡᠨ ᠳᠡᠯᠭᠡᠷᠡᠭᠦᠯᠬᠦ ︽ᠡᠬᠡ ᠬᠡᠯᠡ ᠪᠢᠴᠢᠭ︾ ᠬᠥᠲᠥᠯᠪᠦᠷᠢ ᠶᠢ ᠠᠮᠵᠢᠯᠲᠠᠲᠠᠢ ᠬᠡᠷᠡᠭᠵᠢᠭᠦᠯᠵᠦ ᠵᠢᠯ ᠪᠦᠷᠢ ᠮᠣᠩᠭᠣᠯ ᠤᠨ ᠰᠠᠶᠢᠬᠠᠨ ᠪᠢᠴᠢᠭᠲᠡᠨ ᠤᠯᠤᠰ ᠤᠨ ᠤᠷᠤᠯᠳᠤᠭᠠᠨ ᠳᠤ ᠢᠳᠡᠪᠬᠢ ᠰᠠᠨᠠᠭᠠᠴᠢᠯᠭ᠎ᠠ ᠲᠠᠢ ᠪᠤᠰᠤᠳ ᠠᠶᠢᠮᠠᠭ ᠢᠶᠠᠨ ᠮᠠᠩᠯᠠᠶᠢᠯᠠᠨ ᠣᠷᠣᠯᠴᠠᠵᠤ ᠪᠠᠶᠢᠭ᠎ᠠ ᠶᠤᠮ᠃ ᠮᠥᠨ ᠠᠶᠢᠮᠠᠭ ᠤᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠲᠥᠷᠥ ᠶᠢᠨ ᠠᠯᠪᠠᠨ ᠬᠠᠭᠠᠭᠴᠢᠳ ᠲᠤ ᠮᠣᠩᠭᠣᠯ ᠪᠢᠴᠢᠭ ᠦᠨ ᠬᠢᠴᠢᠶᠡᠯ ᠢ ᠵᠢᠭᠠᠵᠤ ᠪᠠᠶᠢᠨ᠎ᠠ᠃

ᠰᠡᠳᠬᠢᠭᠳᠡᠯ ᠦᠯᠡᠳᠡᠭᠡᠬᠦ