︽ᠨᠠᠮᠠᠶᠢ ᠪᠢᠲᠡᠭᠡᠢ ᠶᠠᠪᠤᠭᠤᠯᠤᠭᠠᠴᠢ︾ | News.MN

  ︽ᠨᠠᠮᠠᠶᠢ ᠪᠢᠲᠡᠭᠡᠢ ᠶᠠᠪᠤᠭᠤᠯᠤᠭᠠᠴᠢ︾

︽ᠬᠥᠪᠥᠯᠵᠡᠬᠦ ᠶᠢᠷᠲᠢᠨᠴᠦ ᠶᠢᠨ ᠵᠢᠷᠤᠭᠠᠴᠢ︾᠂ ︽ᠡᠳᠦᠷ ᠡᠴᠡ ᠦᠯᠡᠳᠡᠭᠰᠡᠨ ᠵᠦᠢᠯ︾ ᠵᠡᠷᠭᠡ ᠮᠣᠩᠭᠣᠯ ᠬᠡᠯᠡᠨ ᠳᠤ ᠣᠷᠴᠢᠭᠤᠯᠤᠭᠳᠠᠨ ᠣᠯᠠᠨ ᠤ ᠲᠠᠯᠠᠷᠬᠠᠯ ᠢ ᠬᠦᠯᠢᠶᠡᠭᠰᠡᠨ ᠪᠦᠲᠦᠭᠡᠯ ᠦᠳ ᠦᠨ ᠵᠣᠬᠢᠶᠠᠯᠴᠢ᠂ ᠨᠣᠪᠧᠯ ᠤᠨ  ᠱᠠᠩᠨᠠᠯᠲᠤ ᠺᠠᠽᠦ᠋ᠸ᠋ᠸ ᠢᠰᠢᠭᠢᠷᠤ᠋ ᠶᠢᠨ ︽ᠨᠠᠮᠠᠶᠢ ᠪᠢᠲᠡᠭᠡᠢ ᠶᠠᠪᠤᠭᠤᠯᠤᠭᠠᠴᠢ︾ ᠨᠣᠮ ᠤᠨ ᠨᠡᠭᠡᠭᠡᠯᠲᠡ ᠡᠨᠡ ᠰᠠᠷ᠎ᠠ ᠶᠢᠨ 9 ᠍ ᠦ ᠡᠳᠦᠷ ᠪᠣᠯᠬᠤ ᠶᠤᠮ᠃
︽ᠨᠠᠮᠠᠶᠢ ᠪᠢᠲᠡᠭᠡᠢ ᠶᠠᠪᠤᠭᠤᠯᠤᠭᠠᠴᠢ︾ ︵2005︶ ᠵᠣᠬᠢᠶᠠᠯ ᠨᠢ ᠢᠰᠢᠭᠢᠷᠤ᠋ ᠶᠢᠨ ᠵᠢᠷᠭᠤᠭ᠎ᠠ ᠳ᠋ᠡᠬᠢ ᠷᠣᠮᠠᠨ ᠪᠥᠭᠡᠳ ᠲᠡᠭᠦᠨ ᠦ ᠪᠤᠰᠤᠳ ᠵᠣᠬᠢᠶᠠᠯ ᠤᠳ ᠤᠨ ᠨᠢᠭᠡᠨ ᠠᠳᠠᠯᠢ ᠬᠦᠮᠦᠨ ᠦ ᠣᠷᠣᠰᠢᠬᠤᠢ ᠶᠢᠨ ᠠᠰᠠᠭᠤᠳᠠᠯ ᠢ ᠬᠥᠨᠳᠡᠭᠰᠡᠨ ᠪᠢᠯᠡ᠃ ᠷᠣᠮᠠᠨ ᠤ ᠪᠠᠭᠠᠲᠤᠷ ᠤᠳ ᠨᠢ ᠵᠢᠩᠬᠢᠨᠢ ᠬᠦᠮᠦᠨ ᠭᠡᠵᠦ ᠡᠰᠡ ᠲᠣᠭᠠᠴᠠᠭᠳᠠᠬᠤ ᠺᠯᠣᠨ ᠪᠠᠶᠢᠬᠤ ᠲᠤᠰᠤᠮ ᠢᠶᠠᠨ ᠡᠨᠡ ᠠᠰᠠᠭᠤᠳᠠᠯ ᠤᠯᠠᠮ ᠴᠤ ᠭᠦᠨ ᠬᠥᠨᠳᠡᠭᠳᠡᠵᠦ ᠪᠠᠶᠢᠭ᠎ᠠ ᠶᠢ ᠤᠩᠰᠢᠭᠴᠢ ᠲᠠ ᠬᠡᠳᠦᠶᠢᠨ ᠠᠩᠵᠠᠭᠠᠷᠠᠭᠰᠠᠨ ᠪᠢᠵᠡ ᠡ᠃  ᠰᠠᠶᠢᠨ ᠪᠦᠲᠦᠭᠡᠯ ᠮᠥᠩᠬᠡ ᠶᠢᠨ ᠮᠠᠷᠭᠤᠭᠠᠨ᠂ ᠮᠡᠳᠬᠡᠯᠴᠡᠭᠡᠨ ᠳᠠᠭᠠᠭᠤᠯᠵᠤ᠂ ᠠᠮᠲᠠ ᠰᠢᠮᠲᠡ ᠪᠡᠨ ᠥᠭᠭᠦᠭᠰᠡᠭᠡᠷ ᠪᠠᠶᠢᠳᠠᠭ᠃ ︽ᠮᠣᠨ ᠰᠤᠳᠤᠷ︾ ᠺᠣᠮᠫᠠᠨᠢ  ᠡᠨᠡ ᠵᠣᠬᠢᠶᠠᠯ ᠤᠨ ᠲᠠᠯ᠎ᠠ ᠪᠠᠷ ᠰᠠᠨᠠᠯ ᠪᠣᠳᠣᠯ ᠢᠶᠠᠨ ᠬᠤᠪᠢᠶᠠᠯᠴᠠᠵᠤ᠂ ᠶᠠᠷᠢᠯᠴᠠᠬᠤ ᠠᠭᠤᠯᠵᠠᠯᠲᠠ 2020.01.09 ᠍ ᠳᠤ ᠵᠤᠬᠢᠶᠠᠨ ᠪᠠᠶᠢᠭᠤᠯᠤᠨ᠎ᠠ ᠃

 

ᠰᠡᠳᠬᠢᠭᠳᠡᠯ ᠦᠯᠡᠳᠡᠭᠡᠬᠦ