ᠠᠯᠲᠠᠨ ᠤ ᠦᠨ᠎ᠡ ᠬᠠᠮᠤᠭ ᠤᠨ ᠳᠡᠭᠡᠳᠦ ᠬᠡᠮᠵᠢᠶᠡᠨ ᠳᠦ ᠬᠦᠷᠪᠡ  | News.MN

ᠠᠯᠲᠠᠨ ᠤ ᠦᠨ᠎ᠡ ᠬᠠᠮᠤᠭ ᠤᠨ ᠳᠡᠭᠡᠳᠦ ᠬᠡᠮᠵᠢᠶᠡᠨ ᠳᠦ ᠬᠦᠷᠪᠡ 

ᠥᠩᠭᠡᠷᠡᠭᠰᠡᠨ ᠳᠠᠸᠠ ᠭᠠᠷᠠᠭ ︵2020.01.06︶  ᠦᠨ ᠪᠠᠶᠢᠳᠠᠯ ᠢᠶᠠᠷ᠂ ᠢᠷᠠᠨ ᠤ ᠴᠡᠷᠢᠭ ᠦᠨ ᠺᠣᠮᠠᠨᠳᠠᠯᠠᠭᠴᠢ ᠺᠠᠰᠧᠮ ᠰᠤᠯᠠᠶᠢᠮᠠᠨᠢ ᠠᠮᠢ ᠪᠠᠨ ᠠᠯᠳᠠᠭᠰᠠᠨ ᠲᠠᠢ ᠬᠣᠯᠪᠣᠭᠠᠲᠠᠢ ᠪᠠᠷ ᠳᠡᠯᠡᠬᠡᠢ ᠶᠢᠨ ᠵᠠᠬ᠎ᠠ ᠵᠡᠭᠡᠯᠢ ᠳᠡᠭᠡᠷ᠎ᠡ ᠠᠯᠲᠠᠨ ᠤ ᠦᠨ᠎ᠡ ᠬᠠᠩᠰᠢ 2013 ᠣᠨ ᠤ ᠳᠥᠷᠪᠡᠳᠦᠭᠡᠷ ᠰᠠᠷ᠎ᠠ ᠠᠴᠠ ᠬᠣᠶᠢᠰᠢ ᠪᠤᠶᠤ ᠰᠡᠭᠦᠯ ᠦᠨ ᠳᠣᠯᠣᠭᠠᠨ ᠵᠢᠯ ᠦᠨ ᠬᠤᠭᠤᠴᠠᠭᠠᠨ ᠳᠤ ᠬᠠᠮᠤᠭ ᠤᠨ ᠳᠡᠭᠡᠳᠦ ᠬᠡᠮᠵᠢᠶᠡᠨ ᠳᠦ ᠬᠦᠷᠴᠦ ᠥᠰᠴᠠᠢ᠃ ᠨᠢᠭᠡᠳᠦᠭᠡᠷ ᠰᠠᠷ᠎ᠠ ᠶᠢᠨ 6 ᠍ ᠤ ᠡᠳᠦᠷ ᠦᠨ ᠠᠷᠠᠯᠵᠢᠶᠠᠨ ᠤ ᠮᠡᠳᠡᠭᠡ ᠪᠡᠷ᠂ ᠨᠢᠭᠡ ᠤᠨᠼ ᠠᠯᠲᠠᠨ ᠤ ᠦᠨ᠎ᠡ 1568.80 ᠳ᠋ᠣᠯᠯᠠᠷ ᠪᠣᠯᠵᠤ ᠥᠰᠦᠭᠰᠡᠨ ᠪᠠᠶᠢᠨ᠎ᠠ᠃ ᠬᠠᠷᠢᠨ ᠴᠠᠭᠠᠨ ᠠᠯᠲᠠᠨ ᠤ ᠦᠨ᠎ᠡ ᠨᠢᠭᠡ ᠤᠨᠼ ᠨᠢ 2030.28 ᠳ᠋ᠣᠯᠯᠠᠷ ᠪᠣᠯᠤᠭᠰᠠᠨ ᠢᠶᠠᠷ ᠲᠡᠦᠬᠡᠨ ᠳᠡᠭᠡᠳᠦ ᠠᠮᠵᠢᠯᠲᠠ ᠲᠤᠭᠲᠠᠭᠠᠵᠠᠢ ᠃

ᠠᠮᠧᠷᠢᠺᠠ  ᠪᠠᠭᠳᠠᠳ᠋ ᠬᠣᠲᠠ ᠶᠢᠨ ᠨᠢᠰᠬᠦ ᠣᠩᠭᠣᠴᠠᠨ ᠤ ᠪᠠᠭᠤᠳᠠᠯ ᠣᠷᠴᠢᠮ ᠳᠤ ᠴᠣᠬᠢᠯᠲᠠ ᠥᠭᠭᠦᠭᠰᠡᠨ ᠦ ᠳᠠᠷᠠᠭ᠎ᠠ ᠣᠶᠢᠷᠠᠬᠢ ᠳᠣᠷᠣᠨᠠᠲᠤ ᠶᠢᠨ ᠪᠠᠶᠢᠳᠠᠯ ᠡᠷᠡᠰ ᠬᠤᠷᠴᠠᠳᠠᠵᠤ᠂ ᠮᠧᠲ᠋ᠠᠯ ᠤᠨ ᠦᠨ᠎ᠡ ᠥᠰᠬᠦ ᠳᠦ ᠭᠣᠣᠯ ᠨᠥᠯᠥᠭᠡ ᠦᠵᠡᠭᠦᠯᠦᠭᠰᠡᠨ ᠪᠠᠶᠢᠨ᠎ᠠ᠃ ᠨᠧᠹᠲ ᠦᠨ ᠦᠨ᠎ᠡ ᠪᠠᠰᠠᠩ ᠭᠠᠷᠠᠭ ︵2020.01.06 ︶᠍ ᠠᠴᠠ ᠬᠣᠶᠢᠰᠢ ᠥᠰᠴᠦ ᠪᠠᠶᠢᠭ᠎ᠠ ᠲᠤᠬᠠᠢ Business Insider ᠴᠠᠬᠢᠮ ᠬᠠᠭᠤᠳᠠᠰᠤ ᠳᠤ ᠮᠦᠨ ᠮᠡᠳᠡᠭᠡᠯᠡᠵᠡᠢ᠃

ᠰᠡᠳᠬᠢᠭᠳᠡᠯ ᠦᠯᠡᠳᠡᠭᠡᠬᠦ