ᠠᠯᠲᠠᠨ ᠤ ᠺᠣᠮᠫᠠᠨᠢ ᠨᠤᠭᠤᠳ 139 ᠲᠠᠯᠠᠪᠠᠢ ᠳᠤ ᠦᠢᠯᠡ ᠠᠵᠢᠯᠯᠠᠭ᠎ᠠ ᠶᠠᠪᠤᠭᠤᠯᠤᠨ᠎ᠠ  | News.MN

ᠠᠯᠲᠠᠨ ᠤ ᠺᠣᠮᠫᠠᠨᠢ ᠨᠤᠭᠤᠳ 139 ᠲᠠᠯᠠᠪᠠᠢ ᠳᠤ ᠦᠢᠯᠡ ᠠᠵᠢᠯᠯᠠᠭ᠎ᠠ ᠶᠠᠪᠤᠭᠤᠯᠤᠨ᠎ᠠ 

ᠡᠷᠦᠳᠡᠰᠦ ᠪᠠᠶᠠᠯᠢᠭ ᠤᠨ ᠮᠡᠷᠭᠡᠵᠢᠯ ᠦᠨ ᠵᠥᠪᠯᠡᠯ 2019-2020 ᠣᠨ ᠳᠤ ᠰᠢᠨ᠎ᠡ ᠪᠡᠷ ᠠᠰᠢᠭᠯᠠᠯᠲᠠ ᠳᠤ ᠤᠷᠤᠬᠤ ᠠᠭᠤᠷᠬᠠᠢ᠂ ᠠᠭᠤᠯᠠ ᠶᠢᠨ ᠦᠢᠯᠡᠳᠪᠦᠷᠢ ᠶᠢᠨ 53 ᠲᠥᠰᠥᠯ ᠦᠨ ᠲᠸᠭᠨᠢᠭ ᠡᠳ᠋ ᠦᠨ ᠵᠠᠰᠠᠭ ᠤᠨ ᠦᠨᠳᠦᠰᠦᠯᠡᠯ᠍ ᠢ ᠬᠦᠯᠢᠶᠡᠨ ᠠᠪᠤᠭᠰᠠᠨ ᠤ 51 ᠬᠤᠪᠢ ᠪᠤᠶᠤ 27 ᠨᠢ ᠠᠯᠲᠠᠨ ᠤ ᠬᠢ ᠶᠤᠮ ᠪᠠᠶᠢᠨ᠎ᠠ᠃ ᠲᠡᠭᠦᠨ ᠳᠦ ᠪᠠᠭᠠᠨᠠᠭᠤᠷ ᠳᠡᠭᠦᠷᠭᠡ ᠶᠢᠨ ᠨᠤᠲᠤᠭ ᠲᠤ ᠤᠷᠤᠰᠢᠬᠤ ︽ᠥᠰᠬᠦ  ᠮᠠᠶᠢᠨᠢᠩ ︾ ᠠᠯᠲᠠ ᠪᠠᠶᠠᠵᠢᠭᠤᠯᠬᠤ ᠦᠢᠯᠡᠳᠪᠦᠷᠢ᠂ ᠳᠣᠷᠣᠨᠠᠲᠤ ᠠᠶᠢᠮᠠᠭ ᠤᠨ ᠨᠤᠲᠤᠭ ᠲᠤ ᠤᠷᠤᠰᠢᠬᠤ ᠠᠯᠲᠠᠨ ᠴᠠᠭᠠᠨ ᠣᠪᠣᠭ᠎ᠠ  ᠤᠷᠳᠤ ᠳᠤ ᠲᠦᠰᠢᠭᠯᠡᠭᠰᠡᠨ Steppe Gold ᠺᠣᠮᠫᠠᠨᠢ ᠶᠢᠨ ᠪᠠᠶᠠᠵᠢᠭᠤᠯᠬᠤ ᠦᠢᠯᠡᠳᠪᠦᠷᠢ ᠶᠢᠨ ᠲᠥᠰᠥᠯ ᠦᠳ ᠪᠠᠭᠲᠠᠭᠰᠠᠨ ᠪᠠᠶᠢᠨ᠎ᠠ᠃
ᠲᠤᠷᠤᠨᠲ᠋ᠤ᠋ ᠶᠢᠨ ᠬᠥᠷᠥᠩᠭᠡ ᠶᠢᠨ ᠪᠢᠷᠵᠢ ᠳᠦ ᠪᠦᠷᠢᠳᠬᠡᠯ ᠲᠡᠢ Steppe Gold ᠺᠣᠮᠫᠠᠨᠢ ᠣᠨ ᠰᠣᠯᠢᠭᠳᠠᠬᠤ ᠶᠢᠨ ᠡᠮᠦᠨᠡᠬᠡᠨ ᠠᠯᠲᠠᠨ ᠴᠠᠭᠠᠨ ᠣᠪᠣᠭ᠎ᠠ ᠣᠷᠳᠣ ᠶᠢᠨ ᠪᠦᠬᠦ ᠵᠦᠪᠰᠢᠶᠡᠷᠡᠯ ᠢᠶᠡᠨ ᠠᠪᠴᠤ᠂ ᠠᠯᠲᠠᠨ ᠤ ᠦᠢᠯᠡᠳᠪᠦᠷᠢᠯᠡᠯ ᠢᠶᠡᠨ ᠡᠬᠢᠯᠡᠵᠡᠢ᠃ ᠲᠤᠰ ᠺᠣᠮᠫᠠᠨᠢ ᠨᠢᠭᠡ ᠲᠣᠨ ᠲᠤᠲᠤᠮ ᠳᠤ 2.13 ᠭᠷᠠᠮ ᠠᠯᠲᠠᠨ ᠤ ᠠᠭᠤᠯᠤᠮᠵᠢ ᠲᠠᠢ 300 ᠮᠢᠩᠭᠠᠨ ᠲᠣᠨ ᠬᠦᠳᠡᠷ ᠣᠯᠪᠤᠷᠢᠯᠠᠵᠤ ᠪᠣᠯᠪᠠᠰᠤᠷᠠᠭᠤᠯᠵᠤ ᠪᠤᠢ ᠶᠤᠮ ᠪᠠᠶᠢᠨ᠎ᠠ᠃ ᠤᠯᠠᠮ ᠢᠶᠠᠷ 2020 ᠣᠨ ᠳᠤ ᠨᠡᠶᠢᠲᠡ ᠳᠦ ᠪᠡᠨ 60 ᠮᠢᠩᠭᠠᠨ ᠤᠨᠼ ᠠᠯᠲᠠ ᠦᠢᠯᠡᠳᠪᠦᠷᠢᠯᠡᠬᠦ ᠪᠡᠷ ᠲᠥᠯᠥᠪᠯᠡᠵᠡᠢ᠃ ᠠᠰᠢᠭᠲᠤ ᠮᠠᠯᠲᠠᠮᠠᠯ ᠭᠠᠵᠠᠷ ᠤᠨ ᠲᠣᠰᠤᠨ ᠤ ᠭᠠᠵᠠᠷ ᠠᠴᠠ ᠮᠡᠳᠡᠭᠡᠯᠡᠭᠰᠡᠨ ᠢᠶᠡᠷ᠂ 2020 ᠣᠨ ᠳᠤ ᠠᠯᠲᠠᠨ ᠤ ᠠᠰᠢᠭᠯᠠᠯᠲᠠ ᠶᠢᠨ ᠵᠦᠪᠰᠢᠶᠡᠷᠡᠯ ᠡᠵᠡᠮᠰᠢᠭᠴᠢ ᠺᠣᠮᠫᠠᠨᠢ ᠨᠤᠭᠤᠳ 139 ᠲᠠᠯᠠᠪᠠᠢ ᠳᠤ ᠦᠢᠯᠡ ᠠᠵᠢᠯᠯᠠᠭ᠎ᠠ ᠶᠠᠪᠤᠭᠤᠯᠬᠤ ᠲᠥᠯᠥᠪᠯᠡᠭᠡ ᠪᠡᠨ ᠬᠠᠤᠯᠢ ᠶᠢᠨ ᠬᠤᠭᠤᠴᠠᠭᠠᠨ ᠳᠤ ᠨᠢ ᠬᠦᠷᠭᠡᠭᠦᠯᠵᠡᠢ᠃

ᠰᠡᠳᠬᠢᠭᠳᠡᠯ ᠦᠯᠡᠳᠡᠭᠡᠬᠦ