︽ᠴᠢᠩᠭᠢᠰ ᠬᠠᠭᠠᠨ︾ ᠲᠠᠢ ᠬᠣᠯᠪᠣᠭᠠᠲᠠᠢ ᠠᠰᠠᠭᠤᠳᠠᠯ ᠢ ᠳᠡᠪᠡᠷᠭᠡᠵᠦ ᠪᠣᠯᠬᠤ ᠦᠭᠡᠢ | News.MN

 ︽ᠴᠢᠩᠭᠢᠰ ᠬᠠᠭᠠᠨ︾ ᠲᠠᠢ ᠬᠣᠯᠪᠣᠭᠠᠲᠠᠢ ᠠᠰᠠᠭᠤᠳᠠᠯ ᠢ ᠳᠡᠪᠡᠷᠭᠡᠵᠦ ᠪᠣᠯᠬᠤ ᠦᠭᠡᠢ

ᠢᠷᠡᠨ ᠤᠯᠤᠰ ᠤᠨ ᠥᠨᠳᠥᠷ ᠠᠯᠪᠠᠨ ᠲᠤᠰᠢᠶᠠᠯᠲᠠᠨ ᠮᠠᠨ ᠤ ᠲᠡᠦᠬᠡ᠂ ᠪᠠᠬᠠᠷᠬᠠᠯᠲᠤ ᠵᠦᠢᠯ ᠳᠡᠭᠡᠷ᠎ᠡ ᠲᠠᠭ᠎ᠠ ᠦᠭᠡᠢ ᠦᠭᠡ ᠬᠡᠯᠡᠭᠰᠡᠨ᠃ ᠡᠨᠡ ᠲᠠᠯ᠎ᠠ ᠪᠠᠷ ᠣᠯᠠᠨ ᠨᠡᠶᠢᠲᠡ ᠶᠢᠨ ᠰᠦᠯᠵᠢᠶ᠎ᠡ ᠪᠡᠷ ᠢᠷᠭᠡᠳ ᠳᠤᠷ᠎ᠠ  ᠦᠭᠡᠶᠢᠴᠡᠯ ᠢᠶᠡᠨ ᠢᠯᠡᠷᠬᠡᠶᠢᠯᠡᠵᠦ ᠪᠠᠶᠢᠭ᠎ᠠ ᠲᠠᠢ ᠬᠣᠯᠪᠣᠭᠳᠠᠭᠤᠯᠤᠨ ᠭᠠᠳᠠᠭᠠᠳᠤ ᠬᠠᠷᠢᠯᠴᠠᠭᠠᠨ ᠤ ᠶᠠᠮᠤᠨ ᠤ ᠠᠽᠢᠶ᠎ᠠ ᠨᠣᠮᠣᠬᠠᠨ ᠳᠠᠯᠠᠢ ᠶᠢᠨ ᠣᠷᠣᠨ ᠨᠤᠭᠤᠳ ᠤᠨ ᠭᠠᠵᠠᠷ ᠤᠨ ᠵᠠᠬᠢᠷᠤᠯ ᠡ᠊∙ᠰᠠᠷᠠᠨᠲ᠋ᠣᠭᠣᠰ ᠠᠴᠠ ᠲᠣᠳᠣᠷᠠᠭᠤᠯᠤᠯ᠎ᠠ᠃
– ᠣᠶᠢᠷᠠᠬᠢ ᠳᠤᠷᠤᠨᠠᠳᠤ ᠳᠤ ᠬᠤᠷᠴᠠᠳᠤᠮᠠᠯ ᠨᠥᠬᠥᠴᠡᠯ ᠪᠠᠶᠢᠳᠠᠯ ᠡᠭᠦᠰᠦᠭᠡᠳ ᠪᠠᠶᠢᠨ᠎ᠠ᠃ ᠡᠭᠦᠨ ᠲᠡᠢ ᠬᠣᠯᠪᠣᠭᠠᠲᠠᠢ ᠪᠠᠷ ᠢᠷᠠᠨ ᠤ ᠵᠠᠷᠢᠮ ᠠᠯᠪᠠᠨ ᠲᠤᠰᠢᠶᠠᠯᠲᠠᠳ ᠮᠣᠩᠭᠣᠯ ᠤᠨ ᠲᠡᠦᠬᠡ᠂ ᠴᠢᠩᠭᠢᠰ ᠬᠠᠭᠠᠨ ᠢ ᠬᠠᠪᠴᠢᠭᠤᠯᠤᠨ ᠰᠥᠷᠭᠦ ᠪᠠᠶᠢᠳᠠᠯ ᠢᠶᠠᠷ ᠶᠠᠷᠢᠭᠰᠠᠨ ᠪᠠᠶᠢᠨ᠎ᠠ᠃ ᠡᠭᠦᠨ ᠳᠦ  ᠭᠠᠳᠠᠭᠠᠳᠤ ᠬᠠᠷᠢᠯᠴᠠᠭᠠᠨ ᠤ ᠶᠠᠮᠤᠨ ᠠᠩᠬᠠᠷᠴᠤ ᠪᠠᠶᠢᠭ᠎ᠠ ᠤᠤ ︖
– ᠲᠤᠰ ᠪᠥᠰᠡ ᠨᠤᠲᠤᠭ ᠲᠤ ᠡᠭᠦᠰᠦᠭᠡᠳ ᠪᠤᠢ ᠨᠥᠬᠥᠴᠡᠯ ᠪᠠᠶᠢᠳᠠᠯ ᠳᠤ ᠮᠣᠩᠭᠣᠯ ᠤᠯᠤᠰ ᠰᠠᠨᠠᠭ᠎ᠠ ᠵᠣᠪᠠᠨᠢᠵᠤ ᠪᠠᠶᠢᠨ᠎ᠠ᠃ ᠡᠨᠡ ᠠᠰᠠᠭᠤᠳᠠᠯ ᠶᠠᠷᠢᠶ᠎ᠠ ᠬᠡᠯᠡᠯᠴᠡᠭᠡᠨ ᠦ ᠵᠠᠮ ᠢᠶᠠᠷ ᠨᠠᠮᠵᠢᠮᠠᠯ ᠪᠠᠶᠢᠳᠠᠯ ᠤᠷᠤᠭᠤ ᠬᠤᠷᠳᠤᠨ ᠰᠢᠯᠵᠢᠭᠡᠰᠡᠢ ᠭᠡᠵᠦ ᠪᠢᠳᠡ ᠬᠦᠰᠡᠵᠦ ᠪᠠᠶᠢᠨ᠎ᠠ᠃ ᠲᠠᠨ ᠤ ᠬᠥᠨᠳᠡᠭᠰᠡᠨ ᠠᠰᠠᠭᠤᠳᠠᠯ ᠤᠨ ᠲᠤᠬᠠᠢ ᠳᠤ ᠡᠭᠦᠨ ᠢ ᠣᠯᠠᠨ ᠨᠡᠶᠢᠲᠡ ᠶᠢᠨ ᠰᠦᠯᠵᠢᠶ᠎ᠡ ᠪᠡᠷ ᠶᠠᠷᠢᠵᠤ ᠬᠡᠯᠡᠯᠴᠡᠬᠦ᠂ ᠳᠡᠪᠡᠷᠭᠡᠬᠦ ᠵᠦᠢᠯ ᠪᠢᠰᠢ ᠪᠣᠯᠪᠠ ᠤᠤ᠃ ᠪᠢᠳᠡ ᠳ᠋ᠢᠫᠯᠣᠮᠠᠲ ᠱᠤᠭᠤᠮ ᠢᠶᠠᠷ ᠠᠵᠢᠯᠯᠠᠵᠤ ᠪᠠᠶᠢᠭ᠎ᠠ᠃

ᠰᠡᠳᠬᠢᠭᠳᠡᠯ ᠦᠯᠡᠳᠡᠭᠡᠬᠦ