ᠬᠥᠪᠰᠥᠭᠥᠯ ᠦᠨ ᠬᠡᠦᠬᠡᠳ ᠦᠳ ᠶᠠᠫᠣᠨ  ᠳᠤ ᠰᠤᠷᠤᠯᠴᠠᠨ᠎ᠠ  | News.MN

ᠬᠥᠪᠰᠥᠭᠥᠯ ᠦᠨ ᠬᠡᠦᠬᠡᠳ ᠦᠳ ᠶᠠᠫᠣᠨ  ᠳᠤ ᠰᠤᠷᠤᠯᠴᠠᠨ᠎ᠠ 

ᠬᠥᠪᠰᠥᠭᠥᠯ ᠠᠶᠢᠮᠠᠭ ᠤᠨ ᠳᠠᠯᠠᠢ ᠸᠠᠩ ᠰᠤᠷᠭᠠᠭᠤᠯᠢ ᠶᠠᠫᠣᠨ ᠤᠯᠤᠰ ᠤᠨ ᠶᠣᠰᠢᠮᠣᠴᠢ ᠠᠺᠠᠳᠧᠮᠢ ᠶᠢᠨ  ᠶᠠᠨᠠᠭᠢᠭᠠᠤᠷᠢ ᠰᠤᠷᠭᠠᠭᠤᠯᠢ ᠲᠠᠢ ᠬᠠᠮᠲᠤᠷᠠᠨ ᠠᠵᠢᠯᠯᠠᠬᠤ ᠭᠡᠷ᠎ᠡ ᠪᠠᠶᠢᠭᠤᠯᠤᠯ᠎ᠠ᠃ ᠬᠠᠮᠲᠤ ᠶᠢᠨ ᠠᠵᠢᠯᠯᠠᠭᠠᠨ ᠤ ᠬᠦᠷᠢᠶᠡᠨ ᠳᠦ ᠪᠠᠭᠰᠢ᠂ ᠰᠤᠷᠤᠭᠴᠢ ᠰᠣᠯᠢᠯᠴᠠᠭ᠎ᠠ ᠬᠥᠲᠥᠯᠪᠦᠷᠢ ᠶᠢ ᠬᠡᠷᠡᠭᠵᠢᠭᠦᠯᠦᠨ ᠬᠠᠷᠢᠯᠴᠠᠨ ᠲᠤᠷᠰᠢᠯᠭ᠎ᠠ ᠰᠣᠯᠢᠯᠴᠠᠬᠤ ᠠᠴᠠ ᠭᠠᠳᠠᠨ᠎ᠠ ᠬᠥᠪᠰᠥᠭᠥᠯ ᠠᠶᠢᠮᠠᠭ ᠤᠨ ᠰᠤᠷᠤᠭᠴᠢᠳ ᠶᠠᠫᠣᠨ ᠤ ᠠᠬᠠᠯᠠᠬᠤ ᠰᠤᠷᠭᠠᠭᠤᠯᠢ ᠳᠤ ᠰᠤᠷᠤᠯᠴᠠᠬᠤ ᠪᠣᠯᠤᠮᠵᠢ ᠨᠡᠭᠡᠭᠡᠭᠳᠡᠵᠦ ᠪᠠᠶᠢᠨ᠎ᠠ᠃ ᠠᠬᠠᠯᠠᠬᠤ ᠰᠤᠷᠭᠠᠭᠤᠯᠢ ᠳᠤ ᠰᠤᠷᠤᠯᠴᠠᠬᠤ ᠰᠣᠨᠢᠷᠬᠠᠯᠲᠠᠢ ᠬᠡᠦᠬᠡᠳ ᠦᠳ ᠲᠦ ᠡᠬᠢᠨ ᠦ ᠡᠭᠡᠯᠵᠢᠨ ᠳᠦ ᠶᠠᠫᠣᠨ ᠬᠡᠯᠡ ᠶᠢ ᠣᠷᠣᠨ ᠨᠤᠲᠤᠭ ᠲᠤ ᠨᠢ ᠵᠢᠭᠠᠵᠤ᠂ ᠢᠷᠡᠬᠦ 4 ᠰᠠᠷ᠎ᠠ ᠠᠴᠠ ᠰᠤᠷᠤᠭᠴᠢᠳ ᠶᠠᠫᠣᠨ ᠢ ᠵᠣᠷᠢᠬᠤ ᠭᠡᠨ᠎ᠡ᠃ ᠬᠥᠪᠰᠥᠭᠥᠯ ᠠᠶᠢᠮᠠᠭ ᠤᠨ ᠭᠠᠯᠲᠤ ᠰᠤᠮᠤ ᠶᠢᠨ ᠤᠤᠭᠠᠯ ᠮᠣᠩᠭᠣᠯ ᠤᠯᠤᠰ ᠤᠨ ᠨᠠᠴᠢᠨ ᠠ᠊∙ᠳᠠᠸᠠᠨᠢᠮ᠎ᠠ ᠲᠤᠰ ᠰᠤᠷᠭᠠᠭᠤᠯᠢ ᠶᠢ ᠲᠡᠭᠦᠰᠦᠭᠰᠡᠨ ᠪᠥᠭᠡᠳ ᠲᠡᠷᠡ ᠪᠡᠷ ᠨᠤᠲᠤᠭ ᠤᠨ ᠢᠶᠠᠨ ᠬᠡᠦᠬᠡᠳ ᠦᠳ ᠢ ᠶᠠᠫᠣᠨ ᠤ ᠠᠬᠠᠯᠠᠬᠤ ᠪᠣᠯᠤᠨ ᠶᠡᠬᠡ᠂ ᠳᠡᠭᠡᠳᠦ ᠰᠤᠷᠭᠠᠭᠤᠯᠢ ᠳᠤ ᠰᠤᠷᠭᠠᠵᠤ ᠂ ᠶᠠᠫᠣᠨ ᠬᠡᠯᠡ ᠶᠢ ᠤᠷᠴᠢᠨ ᠳᠤ ᠨᠢ ᠮᠡᠷᠭᠡᠵᠢᠯ ᠦᠨ ᠪᠠᠭᠰᠢ ᠨᠠᠷ ᠢᠶᠠᠷ ᠵᠢᠭᠠᠯᠭᠠᠨ ᠰᠤᠳᠤᠯᠵᠤ ᠣᠷᠣᠨ ᠣᠷᠣᠨ ᠤ ᠵᠠᠯᠠᠭᠤᠰ ᠲᠠᠢ ᠲᠠᠨᠢᠯᠴᠠᠨ ᠨᠥᠬᠥᠷᠯᠡᠬᠦ ᠥᠷᠭᠡᠨ ᠪᠣᠯᠤᠮᠵᠢ ᠶᠢ ᠨᠡᠭᠡᠭᠡᠵᠦ ᠥᠭᠬᠦ ᠵᠣᠷᠢᠯᠭ᠎ᠠ ᠪᠠᠷ ᠬᠠᠮᠲᠤ ᠶᠢᠨ ᠠᠵᠢᠯᠯᠠᠭ᠎ᠠ ᠶᠢ ᠥᠷᠨᠢᠭᠦᠯᠵᠦ ᠪᠠᠶᠢᠨ᠎ᠠ ᠭᠡᠳᠡᠭ ᠢ ᠬᠡᠯᠡᠵᠦ ᠪᠠᠶᠢᠯ᠎ᠠ᠃

ᠰᠡᠳᠬᠢᠭᠳᠡᠯ ᠦᠯᠡᠳᠡᠭᠡᠬᠦ