ᠣᠷᠣᠰ ᠤᠨ ᠬᠣᠯᠪᠣᠭᠠᠨ ᠤ ᠤᠯᠤᠰ ᠲᠤ ᠪᠣᠯᠤᠭᠰᠠᠨ ᠣᠯᠠᠨ ᠤᠯᠤᠰ ᠤᠨ ᠪᠠᠷᠢᠮᠲᠠᠲᠤ ᠺᠢᠨᠣ᠋ ᠦᠵᠡᠭᠦᠯᠦᠯᠭᠡ ᠳᠤ ᠳᠣᠲᠣᠭᠠᠳᠤ ᠬᠡᠷᠡᠭ ᠦᠨ ᠶᠡᠬᠡ ᠰᠤᠷᠭᠠᠭᠤᠯᠢ ᠶᠢᠨ ᠪᠠᠭᠰᠢ᠂ ᠳ᠋ᠣᠺᠲ᠋ᠣᠷ ᠪ∙ᠭᠠᠯᠪᠠᠳᠠᠷᠠᠬᠤ ᠠᠬᠠᠯᠠᠭᠴᠢ ᠲᠠᠢ ᠪᠠᠭ ᠤᠨ ᠬᠢᠨ ᠭᠣᠣᠯ ᠳᠦᠷᠢ ᠳᠦ ᠨᠢ ᠨᠣᠬᠠᠢ ᠲᠣᠭᠯᠠᠭᠤᠯᠤᠭᠰᠠᠨ ︽ᠡᠸᠧᠷᠧᠰᠲ︾ ᠺᠢᠨᠣ᠋ ᠪᠠᠷ ᠢᠶᠠᠨ ᠣᠷᠣᠯᠴᠠᠵᠤ ᠭᠤᠷᠪᠠᠳᠤᠭᠠᠷ ᠪᠠᠶᠢᠷᠢ ᠡᠵᠡᠯᠡᠭᠰᠡᠨ ᠪᠠᠶᠢᠨ᠎ᠠ᠃
ᠪᠠᠭ ᠤᠨ ᠭᠡᠰᠢᠭᠦᠳ ᠲᠦ ᠳᠡᠯᠡᠬᠡᠢ ᠶᠢᠨ ᠳᠡᠭᠡᠪᠦᠷ ᠡᠸᠧᠷᠧᠰᠲ ᠲᠦ ᠭᠤᠷᠪᠠᠨᠲᠠ ᠭᠠᠷᠤᠭᠰᠠᠨ ᠮᠣᠩᠭᠣᠯ ᠤᠯᠤᠰ ᠤᠨ ᠭᠠᠪᠢᠶᠠᠲᠤ ᠲᠠᠮᠢᠷᠴᠢᠨ᠂ ︽ᠡᠷᠡᠭᠦᠯ ᠮᠣᠩᠭᠣᠯ︾ ᠺᠯᠦ᠋ᠪ ᠤᠨ ᠲᠡᠷᠢᠭᠦᠨ᠂ ᠠᠭᠤᠯᠠ ᠶᠢᠨ ᠰᠫᠣᠷᠲ ᠤᠨ ᠣᠯᠠᠨ ᠤᠯᠤᠰ ᠤᠨ ᠬᠡᠮᠵᠢᠶᠡᠨ ᠦ ᠮᠠᠰᠲ᠋ᠸᠷ᠂ ︽ᠰᠦᠯᠳᠡ︾ ᠰᠫᠣᠷᠲ ᠬᠣᠷᠢᠶᠠᠨ ᠤ ᠲᠠᠮᠢᠷᠴᠢᠨ ᠪ∙ᠴᠡᠸᠡᠨᠳᠠᠰᠢ ᠨᠠᠷ ᠪᠠᠭᠲᠠᠵᠠᠢ ᠃ ᠲᠡᠳᠡᠨ ᠢ ᠣᠷᠣᠰ ᠤᠨ ᠤᠯᠠᠭᠠᠨ-ᠦᠳᠡ ᠬᠤᠲᠠ ᠳᠤ ᠰᠠᠭᠤᠭ᠎ᠠ ᠮᠣᠩᠭᠣᠯ ᠤᠯᠤᠰ ᠤᠨ ᠡᠯᠴᠢᠨ ᠰᠠᠶᠢᠳ ᠬᠦᠯᠢᠶᠡᠨ ᠠᠪᠴᠤ ᠠᠭᠤᠯᠵᠠᠨ ᠱᠠᠩᠨᠠᠭᠰᠠᠨ ᠶᠤᠮ᠃