ᠪᠤᠷᠬᠠᠨ ᠣᠯᠵᠤ ᠮᠦᠽᠧᠢ ᠳᠦ ᠥᠭᠭᠦᠭᠰᠡᠨ ᠢᠷᠭᠡᠨ ᠢ ᠤᠷᠮᠠᠰᠢᠭᠤᠯᠵᠠᠢ  | News.MN

ᠪᠤᠷᠬᠠᠨ ᠣᠯᠵᠤ ᠮᠦᠽᠧᠢ ᠳᠦ ᠥᠭᠭᠦᠭᠰᠡᠨ ᠢᠷᠭᠡᠨ ᠢ ᠤᠷᠮᠠᠰᠢᠭᠤᠯᠵᠠᠢ 

ᠰᠦᠬᠡᠪᠠᠭᠠᠲᠤᠷ ᠠᠶᠢᠮᠠᠭ ᠤᠨ ᠣᠩᠭᠣᠨ ᠰᠤᠮᠤ ᠶᠢᠨ ᠭᠤᠷᠪᠠᠳᠤᠭᠠᠷ ᠪᠠᠭ ᠤᠨ ᠨᠤᠲᠤᠭ ︽ᠪᠢᠯᠭᠡᠬᠦ ᠪᠠᠶᠠᠨ ᠪᠦᠷᠢᠳᠦ︾ ᠭᠡᠳᠡᠭ ᠭᠠᠵᠠᠷ ᠠᠴᠠ 2018 ᠣᠨ ᠳᠤ ᠲᠤᠰ ᠰᠤᠮᠤ ᠶᠢᠨ ᠮᠠᠯᠴᠢᠨ ᠴᠡᠪᠡᠭᠰᠦ᠋ᠷᠦᠩ ᠦᠨ ᠡᠩᠬᠡᠮᠠᠨᠳᠤᠯ ᠱᠠᠰᠢᠨ ᠰᠤᠶᠤᠯ ᠤᠨ 34 ᠰᠢᠷᠬᠡᠭ ᠣᠯᠳᠠᠪᠤᠷᠢ ᠣᠯᠵᠤ᠂ ᠠᠶᠢᠮᠠᠭ ᠤᠨ ᠤᠭᠰᠠᠭᠠᠲᠠᠨ ᠤ ᠵᠦᠢ ᠶᠢᠨ ᠮᠦᠽᠧᠢ ᠳᠦ ᠬᠦᠯᠢᠶᠡᠯᠭᠡᠨ ᠥᠭᠭᠦᠭᠰᠡᠨ ᠪᠠᠶᠢᠨ᠎ᠠ᠃ ᠲᠤᠰ ᠰᠤᠶᠤᠯ ᠤᠨ ᠣᠯᠳᠠᠪᠤᠷᠢ ᠨᠢ 100 ᠵᠢᠯ ᠦᠨ ᠡᠮᠦᠨᠡᠬᠢ ᠦᠶ᠎ᠡ ᠶᠢᠨ ᠳᠤᠷᠠᠰᠬᠠᠯ ᠪᠠᠶᠢᠵᠠᠢ᠃
ᠰᠤᠶᠤᠯ ᠤᠨ ᠥᠪ ᠦᠨ ᠰᠠᠩ ᠬᠥᠮᠥᠷᠭᠡ ᠶᠢ ᠪᠠᠶᠠᠵᠢᠭᠤᠯᠬᠤ ᠳᠤ ᠦᠨᠡᠲᠡᠢ ᠬᠤᠪᠢ ᠨᠡᠮᠡᠷᠢ ᠣᠷᠣᠭᠤᠯᠤᠭᠰᠠᠨ  ᠲᠡᠭᠦᠨ ᠳᠤ ︽ᠰᠤᠶᠤᠯ ᠤᠨ ᠥᠪ ᠦᠨ ᠲᠤᠬᠠᠢ︾ ᠬᠠᠤᠯᠢ ᠪᠣᠯᠤᠭᠠᠳ ᠬᠣᠯᠪᠣᠭᠳᠠᠬᠤ ᠵᠢᠷᠤᠮ ᠤᠨ ᠳᠠᠭᠠᠤ ᠬᠥᠳᠡᠯᠮᠦᠷᠢ ᠶᠢᠨ ᠬᠥᠯᠦᠰᠦᠨ ᠦ ᠳᠤᠤᠷᠠᠳᠤ ᠬᠡᠮᠵᠢᠶ᠎ᠡ ᠶᠢ 15 ᠳᠠᠬᠢᠨ ᠨᠡᠮᠡᠭᠳᠡᠭᠦᠯᠦᠭᠰᠡᠨ ᠲᠡᠢ ᠲᠡᠩᠴᠡᠬᠦ ᠬᠡᠮᠵᠢᠶᠡᠨ ᠦ ᠮᠥᠩᠭᠥᠨ ᠤᠷᠮᠠᠰᠢᠭᠤᠯᠤᠯ ᠪᠣᠯᠬᠤ 4.8 ᠰᠠᠶ᠎ᠠ ᠲᠥᠭᠥᠷᠢᠭ ᠢ ᠠᠶᠢᠮᠠᠭ ᠤᠨ ᠤᠳᠤᠷᠢᠳᠤᠯᠭ᠎ᠠ ᠨᠠᠷ ᠭᠠᠷᠳᠠᠭᠤᠯᠵᠤ᠂ ᠬᠦᠨᠳᠦᠳᠬᠡᠯ ᠦᠵᠡᠭᠦᠯᠦᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ