︽ᠠᠯᠲᠠᠷᠭᠠᠨ᠎ᠠ-2020︾ ᠨᠠᠭᠠᠳᠤᠮ ᠤᠨ ᠲᠣᠪ ᠲᠣᠳᠣᠷᠠᠵᠠᠢ  | News.MN

 ︽ᠠᠯᠲᠠᠷᠭᠠᠨ᠎ᠠ-2020︾ ᠨᠠᠭᠠᠳᠤᠮ ᠤᠨ ᠲᠣᠪ ᠲᠣᠳᠣᠷᠠᠵᠠᠢ 

ᠪᠤᠷᠢᠶᠠᠳ ᠤᠨ ᠥᠪ ᠰᠤᠶᠤᠯ᠂ ᠤᠷᠠᠯᠢᠭ᠂ ᠰᠫᠣᠷᠲ ᠤᠨ ︽ᠠᠯᠲᠠᠷᠭᠠᠨ᠎ᠠ-2020︾ ᠣᠯᠠᠨ ᠤᠯᠤᠰ ᠤᠨ ᠶᠡᠬᠡ ᠨᠠᠭᠠᠳᠤᠮ ᠤᠨ ᠲᠣᠪ ᠲᠣᠳᠣᠷᠠᠵᠠᠢ᠃ ᠠᠷᠪᠠᠨ ᠳᠦᠷᠪᠡᠳᠡᠬᠢ ᠤᠳᠠᠭ᠎ᠠ ᠶᠢᠨ  ︽ᠠᠯᠲᠠᠷᠭᠠᠨ᠎ᠠ︾ ᠶᠡᠬᠡ ᠨᠠᠭᠠᠳᠤᠮ ᠢᠷᠡᠬᠦ ᠵᠢᠯ ᠦᠨ ᠵᠢᠷᠭᠤᠳᠤᠭᠠᠷ ᠰᠠᠷ᠎ᠠ ᠶᠢᠨ 16 ᠍- 18 ᠍ ᠤ ᠡᠳᠦᠷ ᠦᠳ ᠲᠦ ᠣᠷᠣᠰ  ᠤᠨ ᠪᠤᠷᠢᠶᠠᠳ ᠤᠨ ᠥᠪᠥᠷ ᠪᠠᠶᠢᠭᠠᠯ ᠤᠨ ᠬᠢᠵᠠᠭᠠᠷ ᠤᠨ ᠠᠭ᠎ᠠ᠂ ᠮᠤᠭᠠᠶᠢᠲᠤ  ᠰᠠᠭᠤᠷᠢᠨ ᠨᠤᠭᠤᠳ ᠲᠤ ᠪᠣᠯᠬᠤ ᠶᠤᠮ᠃ ᠡᠨᠡᠬᠦ ᠣᠯᠠᠨ ᠤᠯᠤᠰ ᠤᠨ ᠨᠠᠭᠠᠳᠤᠮ ᠢ ᠥᠪᠥᠷ ᠪᠠᠶᠢᠭᠠᠯ ᠤᠨ ᠵᠠᠰᠠᠭ ᠵᠠᠬᠢᠷᠭ᠎ᠠ᠂ ᠠᠭ᠎ᠠ ᠶᠢᠨ ᠪᠤᠷᠢᠶᠠᠳ ᠲᠣᠭᠣᠷᠢᠭ ᠤᠨ ᠵᠠᠬᠢᠷᠭ᠎ᠠ᠂ ᠥᠪᠥᠷ ᠪᠠᠶᠢᠭᠠᠯ ᠤᠨ ᠬᠢᠵᠠᠭᠠᠷ ᠤᠨ ᠰᠤᠶᠤᠯ᠂ ᠪᠡᠶ᠎ᠡ ᠶᠢᠨ ᠲᠠᠮᠢᠷ ᠤᠨ ᠪᠣᠯᠤᠨ ᠬᠥᠳᠡᠭᠡ ᠠᠵᠤ ᠠᠬᠤᠢ ᠶᠢᠨ ᠶᠠᠮᠤᠨ ᠬᠠᠷᠢᠭᠤᠴᠠᠨ ᠵᠣᠬᠢᠶᠠᠨ ᠪᠠᠶᠢᠭᠤᠯᠬᠤ ᠶᠤᠮ ᠪᠠᠶᠢᠨ᠎ᠠ᠃
︽ᠠᠯᠲᠠᠷᠭᠠᠨ᠎ᠠ-2020︾ ᠨᠠᠭᠠᠳᠤᠮ ᠤᠨ ᠪᠡᠯᠡᠳᠬᠡᠯ ᠠᠵᠢᠯ ᠢ ᠵᠣᠬᠢᠶᠠᠨ ᠪᠠᠶᠢᠭᠤᠯᠬᠤ ᠺᠣᠮᠢᠰ ᠡᠨᠡ ᠣᠨ ᠤ ᠬᠣᠶᠠᠳᠤᠭᠠᠷ ᠰᠠᠷ᠎ᠠ ᠶᠢᠨ 25 ᠍ ᠳᠦ ᠪᠠᠶᠢᠭᠤᠯᠤᠭᠳᠠᠨ ᠠᠵᠢᠯ ᠳᠤ ᠪᠠᠨ ᠣᠷᠣᠵᠠᠢ᠃ ᠪᠤᠷᠢᠶᠠᠳ ᠵᠣᠨ ᠤ ᠰᠤᠶᠤᠯ᠂ ᠵᠠᠩ ᠵᠠᠩᠰᠢᠯ᠂ ᠦᠨᠳᠦᠰᠦᠨ ᠦ ᠰᠫᠣᠷᠲ᠂ ᠭᠠᠷ ᠤᠷᠠᠯᠠᠯ ᠠᠴᠠ ᠡᠬᠢᠯᠡᠭᠡᠳ ᠪᠦᠬᠦᠢ ᠯᠠ ᠠᠵᠤ ᠪᠠᠶᠢᠳᠠᠯ ᠢ ᠰᠡᠷᠭᠦᠭᠡᠨ ᠬᠥᠭᠵᠢᠭᠦᠯᠬᠦ ᠵᠣᠷᠢᠯᠭ᠎ᠠ ᠲᠠᠢ ᠡᠨᠡᠬᠦ ᠨᠠᠭᠠᠳᠤᠮ ᠳᠤ ᠮᠣᠩᠭᠣᠯ ᠂ ᠣᠷᠣᠰ ᠂ ᠬᠢᠲᠠᠳ ᠭᠤᠷᠪᠠᠨ ᠤᠯᠤᠰ ᠲᠤ ᠰᠠᠭᠤᠭ᠎ᠠ ᠪᠤᠷᠢᠶᠠᠳ ᠤᠳ ᠤᠷᠤᠯᠴᠠᠬᠤ ᠶᠤᠮ᠃ ᠮᠥᠨ ᠳᠡᠯᠡᠬᠡᠢ ᠶᠢᠨ ᠥᠨᠴᠥᠭ ᠪᠤᠯᠤᠩ ᠳᠦ ᠰᠠᠭᠤᠭ᠎ᠠ ᠪᠤᠷᠢᠶᠠᠳ ᠤᠳ ᠴᠤ ᠤᠷᠤᠯᠴᠠᠬᠤ ᠪᠣᠯᠤᠮᠵᠢ ᠨᠡᠭᠡᠭᠡᠯᠲᠡ ᠲᠡᠢ ᠭᠡᠨ᠎ᠡ᠃

ᠰᠡᠳᠬᠢᠭᠳᠡᠯ ᠦᠯᠡᠳᠡᠭᠡᠬᠦ