ᠰᠢᠯᠢᠳᠡᠭ 10 ᠮᠥᠴᠡ ᠳᠦ ᠮᠣᠩᠭᠣᠯ ᠤᠯᠤᠰ ᠨᠡᠷᠡᠯᠡᠭᠳᠡᠵᠡᠢ  | News.MN

ᠰᠢᠯᠢᠳᠡᠭ 10 ᠮᠥᠴᠡ ᠳᠦ ᠮᠣᠩᠭᠣᠯ ᠤᠯᠤᠰ ᠨᠡᠷᠡᠯᠡᠭᠳᠡᠵᠡᠢ 

ᠣᠯᠠᠨ ᠤᠯᠤᠰ ᠤᠨ ᠰᠠᠭᠰᠤᠨ ᠪᠥᠮᠪᠥᠭᠡ ᠶᠢᠨ ᠬᠣᠯᠪᠣᠭᠠᠨ ᠠᠴᠠ 3x 3 ᠲᠥᠷᠥᠯ ᠦᠨ ᠬᠠᠮᠤᠭ ᠤᠨ ᠭᠠᠶᠢᠬᠠᠯᠲᠠᠢ᠂ ᠰᠢᠯᠢᠳᠡᠭ 10 ᠮᠥᠴᠡ ᠶᠢ ᠨᠡᠷᠡᠯᠡᠵᠡᠢ᠃ ᠰᠢᠯᠢᠳᠡᠭ 10  ᠳᠦ ᠮᠣᠩᠭᠣᠯ ᠤᠨ ᠰᠠᠭᠰᠤᠨ ᠪᠥᠮᠪᠦᠭᠡᠴᠢᠳ ᠦᠨ ᠲᠣᠭᠯᠠᠯᠲᠠ ᠪᠠᠭᠲᠠᠵᠤ ᠴᠢᠳᠠᠭᠰᠠᠨ ᠪᠠᠶᠢᠨ᠎ᠠ᠃ ᠮᠣᠩᠭᠣᠯ ᠤᠯᠤᠰ ᠨᠢ 2019 ᠣᠨ ᠳᠤ ᠰᠠᠭᠰᠤᠨ ᠪᠥᠮᠪᠥᠭᠡ ᠶᠢᠨ 3 x 3 ᠲᠥᠷᠥᠯ ᠳᠦ ᠲᠡᠦᠬᠡᠨ ᠠᠮᠵᠢᠯᠲᠠ ᠦᠵᠡᠭᠦᠯᠦᠭᠰᠡᠨ᠃ ᠮᠣᠩᠭᠣᠯ ᠤᠯᠤᠰ ᠤᠨ ᠲᠠᠮᠢᠷᠴᠢᠳ ᠰᠠᠭᠰᠤᠨ ᠪᠥᠮᠪᠥᠭᠡ ᠶᠢᠨ 3x 3 ᠲᠥᠷᠥᠯ ᠦᠨ U23 ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠦᠶ᠎ᠡ ᠪᠡᠷ ᠮᠠᠰᠢ ᠭᠠᠶᠢᠬᠠᠯᠲᠠᠢ᠂ ᠲᠡᠮᠡᠦᠯᠦᠯ ᠲᠡᠢ᠂ ᠰᠢᠨᠤᠯ ᠲᠠᠢ᠂ ᠪᠠᠬᠠᠷᠬᠠᠮᠠᠷ ᠲᠣᠭᠯᠠᠯᠲᠠ ᠶᠢ ᠬᠠᠷᠠᠭᠤᠯᠵᠤ ᠴᠢᠳᠠᠭᠰᠠᠨ ᠭᠡᠵᠦ ᠣᠯᠠᠨ ᠤᠯᠤᠰ ᠤᠨ ᠰᠠᠭᠰᠤᠨ ᠪᠥᠮᠪᠥᠭᠡ ᠶᠢᠨ ᠬᠣᠯᠪᠣᠭᠠᠨ ᠤ ᠮᠡᠳᠡᠭᠡᠨ ᠳᠦ ᠳᠤᠷᠠᠳᠴᠠᠢ᠃
ᠮᠣᠩᠭᠣᠯ ᠤᠯᠤᠰ ᠤᠨ ᠡᠷᠡᠭᠲᠡᠢ ᠰᠢᠭᠰᠢᠭᠡ ᠪᠠᠭ ᠯᠢᠲᠸ᠎ᠠ ᠪᠣᠯᠤᠨ ᠡᠮᠦᠨᠡᠲᠦ ᠰᠣᠯᠣᠩᠭᠣᠰ ᠤᠨ ᠪᠠᠭ ᠢ ᠠᠷᠤ ᠳᠠᠭᠠᠨ ᠣᠷᠬᠢᠭᠰᠠᠨ ᠪᠣᠯ ᠡᠮᠡᠭᠲᠡᠶᠢᠴᠦᠳ ᠭᠧᠷᠮᠠᠨ ᠪᠣᠯᠤᠨ ᠦᠭᠠᠨᠳᠠ ᠶᠢ ᠲᠥᠪᠡᠭᠭᠦᠶᠢᠬᠡᠨ ᠢᠯᠠᠭᠰᠠᠨ ᠶᠤᠮ᠃ ᠡᠨᠡ ᠪᠣᠯ ᠴᠢᠩᠭᠢᠰ ᠬᠠᠭᠠᠨ ᠠᠴᠠ ᠬᠣᠶᠢᠰᠢᠬᠢ ᠮᠣᠩᠭᠣᠯᠴᠤᠳ ᠤᠨ ᠦᠵᠡᠭᠦᠯᠦᠭᠰᠡᠨ ᠬᠠᠮᠤᠭ ᠤᠨ ᠭᠠᠶᠢᠬᠠᠯᠲᠠᠢ ᠲᠣᠭᠯᠠᠯᠲᠠ ᠪᠠᠶᠢᠯ᠎ᠠ ᠬᠡᠮᠡᠨ ᠣᠯᠠᠨ ᠤᠯᠤᠰ ᠤᠨ ᠰᠠᠭᠰᠤᠨ ᠪᠥᠮᠪᠥᠭᠡ ᠶᠢᠨ ᠬᠣᠯᠪᠣᠭᠠᠨ ᠤ  ᠰᠠᠶᠢᠲ ᠲᠤ ᠮᠡᠳᠡᠭᠡᠯᠡᠵᠡᠢ ᠃

ᠰᠡᠳᠬᠢᠭᠳᠡᠯ ᠦᠯᠡᠳᠡᠭᠡᠬᠦ