ᠳᠣᠷᠣᠨᠠᠭᠣᠪᠢ ᠠᠶᠢᠮᠠᠭ ᠤᠨ ᠭᠡᠮᠲᠦ ᠬᠡᠷᠡᠭ ᠡᠴᠡ ᠤᠷᠢᠳᠴᠢᠯᠠᠨ ᠰᠡᠷᠭᠡᠶᠢᠯᠡᠬᠦ ᠠᠵᠢᠯ ᠢ ᠵᠣᠬᠢᠴᠠᠭᠤᠯᠬᠤ ᠰᠠᠯᠪᠤᠷᠢ ᠵᠥᠪᠯᠡᠯ ᠡᠴᠡ ᠰᠠᠶᠢᠨᠱᠠᠩᠳᠠ ᠰᠤᠮᠤ ᠶᠢᠨ ᠰᠠᠯᠪᠤᠷᠢ ᠵᠥᠪᠯᠡᠯ ᠲᠡᠢ ᠬᠠᠮᠲᠤᠷᠠᠨ ᠠᠷᠢᠬᠢ᠂ ᠲᠠᠮᠠᠬᠢ᠂ ᠮᠠᠩᠰᠢᠭᠤᠷᠠᠭᠤᠯᠬᠤ ᠪᠣᠳᠠᠰ ᠤᠨ ᠬᠣᠣᠷ ᠨᠥᠯᠦᠭᠡᠨ ᠡᠴᠡ ᠤᠷᠢᠳᠴᠢᠯᠠᠨ ᠰᠡᠷᠭᠡᠶᠢᠯᠡᠬᠦ ᠠᠵᠢᠯ ᠤᠨ ᠬᠦᠷᠢᠶᠡᠨ ᠳᠦ ᠵᠣᠬᠢᠶᠠᠨ ᠪᠠᠶᠢᠭᠤᠯᠤᠭᠰᠠᠨ ︽ᠠᠷᠢᠬᠢ᠂ ᠲᠠᠮᠠᠬᠢᠨ ᠤ ᠡᠰᠡᠷᠭᠦ ᠬᠠᠮᠲᠤ ᠳᠤ ᠪᠠᠨ︾ ᠠᠰᠠᠭᠤᠳᠠᠯ ᠳᠡᠪᠰᠢᠭᠦᠯᠦᠭᠰᠡᠨ ᠨᠡᠶᠢᠲᠡᠯᠡᠯ ᠦᠨ ᠤᠷᠤᠯᠳᠤᠭᠠᠨ ᠤ ᠰᠢᠯᠢᠳᠡᠭ ᠦᠳ ᠲᠣᠳᠣᠷᠠᠯ᠎ᠠ᠃ ᠰᠢᠯᠭᠠᠷᠠᠭᠰᠠᠨ ᠬᠦᠮᠦᠰ ᠦᠨ ᠱᠠᠩᠨᠠᠯ ᠢ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠳᠠᠷᠤᠭ᠎ᠠ ᠰ∙ᠲᠦᠮᠡᠨᠪᠠᠶᠠᠷ ᠠᠷᠪᠠᠨ ᠬᠣᠶᠠᠳᠤᠭᠠᠷ ᠰᠠᠷ᠎ᠠ ᠶᠢᠨ 21 ᠍ ᠳᠦ ᠭᠠᠷᠳᠠᠭᠤᠯᠪᠠ᠃ ᠤᠷᠤᠯᠳᠤᠭᠠᠨ ᠳᠤ 30 ᠭᠠᠷᠤᠢ ᠢᠷᠭᠡᠨ ᠨᠡᠶᠢᠲᠡᠯᠡᠯ ᠢᠷᠡᠭᠦᠯᠦᠭᠰᠡᠨ ᠪᠥᠭᠡᠳ ᠣᠨᠣᠪᠴᠢᠲᠠᠢ ᠰᠢᠨᠡᠯᠢᠭ ᠰᠠᠨᠠᠭ᠎ᠠ ᠳᠡᠪᠰᠢᠭᠦᠯᠦᠭᠰᠡᠨ ᠰᠠᠶᠢᠨᠱᠠᠩᠳᠠ ᠰᠤᠮᠤ ᠶᠢᠨ ᠢᠷᠭᠡᠨ ᠯ ∙ᠰᠠᠨᠳᠤᠢ ᠲᠡᠷᠢᠭᠦᠨ ᠪᠠᠶᠢᠷᠢ ᠳᠤ᠂ ᠬᠣᠶᠠᠳᠤᠭᠠᠷ ᠪᠠᠶᠢᠷᠢ ᠳᠤ ᠰᠠᠶᠢᠨᠱᠠᠩᠳᠠ ᠰᠤᠮᠤ ᠶᠢᠨ ᠢᠷᠭᠡᠨ ᠮ∙ᠪᠢᠨᠳᠦᠷᠢᠶ᠎ᠠ᠂ ᠭᠤᠷᠪᠠᠳᠤᠭᠠᠷ ᠪᠠᠶᠢᠷᠢ ᠳᠤ ᠰᠠᠶᠢᠨᠱᠠᠩᠳᠠ ᠰᠤᠮᠤ ᠶᠢᠨ ᠢᠷᠭᠡᠨ ᠴ∙ᠭᠠᠯᠶᠠ ᠨᠠᠷ ᠲᠤᠰ ᠲᠤᠰ ᠰᠢᠯᠭᠠᠷᠠᠵᠤ ᠡᠷᠭᠦᠮᠵᠢᠯᠡᠯ᠂ ᠮᠥᠩᠭᠥᠨ ᠱᠠᠩᠨᠠᠯ ᠢᠶᠠᠷ ᠱᠠᠩᠨᠠᠭᠤᠯᠪᠠ᠃ ᠮᠥᠨ ᠵᠢᠷᠭᠤᠭᠠᠨ ᠲᠤᠰᠬᠠᠢ ᠪᠠᠶᠢᠷᠢ ᠶᠢ ᠰᠢᠯᠭᠠᠷᠠᠭᠤᠯᠵᠤ ᠨᠣᠮ᠂ ᠭᠠᠷ ᠤᠨ ᠪᠡᠯᠡᠭ ᠭᠠᠷᠳᠠᠭᠤᠯᠪᠠ᠃
ᠰᠠᠨᠳᠤᠢ ᠭᠤᠸᠠᠢ 1960 ᠍ ᠊ᠭᠠᠳ ᠣᠨ ᠠᠴᠠ ᠳᠣᠷᠣᠨᠠᠭᠣᠪᠢ ᠠᠶᠢᠮᠠᠭ ᠤᠨ ᠤᠤᠭᠠᠨ ᠬᠡᠪᠯᠡᠯ ︽ᠢᠯᠠᠯᠲᠠ︾ ᠰᠣᠨᠢᠨ ᠳᠤ ᠴᠠᠶᠢᠷ ᠵᠢᠷᠤᠭᠴᠢᠨ ᠢᠶᠠᠷ ᠠᠵᠢᠯ ᠤᠨ ᠭᠠᠷᠤᠭ᠎ᠠ ᠪᠠᠨ ᠡᠬᠢᠯᠡᠭᠰᠡᠨ ᠡᠴᠡ ᠬᠣᠶᠢᠰᠢ 1990 ᠣᠨ ᠬᠦᠷᠲᠡᠯ᠎ᠡ ᠰᠡᠳᠬᠦᠯᠴᠢ ᠰᠤᠷᠪᠤᠯᠵᠢᠯᠠᠭᠴᠢ ᠪᠠᠷ ᠠᠵᠢᠯᠯᠠᠵᠠᠢ᠃ ᠬᠤᠷᠳᠤᠨ ᠮᠣᠷᠢ᠂ ᠭᠡᠷᠡᠯ ᠵᠢᠷᠤᠭ ᠤᠨ ᠴᠢᠭᠯᠡᠯ ᠢᠶᠡᠷ 10 ᠭᠠᠷᠤᠢ ᠪᠦᠲᠦᠭᠡᠯ ᠲᠤᠭᠤᠷᠪᠢᠭᠰᠠᠨ ᠲᠡᠷᠡᠪᠡᠷ ᠡᠳᠦᠭᠡ 77 ᠨᠠᠰᠤ ᠶᠢ ᠵᠣᠭᠣᠭᠯᠠᠵᠤ ᠪᠠᠶᠢᠭ᠎ᠠ᠃ ᠵᠦᠭᠡᠷ ᠰᠠᠭᠤᠳᠠᠭ ᠦᠭᠡᠢ᠂ ᠵᠣᠬᠢᠶᠠᠯ ᠪᠦᠲᠦᠭᠡᠯ ᠲᠤᠭᠤᠷᠪᠢᠵᠤ ᠨᠡᠶᠢᠭᠡᠮ ᠤᠨ ᠠᠮᠢᠳᠤᠷᠠᠯ ᠳᠤ ᠢᠳᠡᠪᠬᠢ ᠰᠠᠨᠠᠭᠠᠴᠢᠯᠭ᠎ᠠ ᠲᠠᠢ ᠣᠷᠣᠯᠴᠠᠳᠠᠭ ᠲᠡᠷᠡᠪᠡᠷ ᠳᠡᠪᠰᠢᠭᠦᠯᠦᠭᠰᠡᠨ ᠨᠡᠶᠢᠲᠡᠯᠡᠯ ᠳᠦ ᠪᠡᠨ ᠡᠵᠡᠨ ᠴᠢᠩᠭᠢᠰ ᠬᠠᠭᠠᠨ ᠤ ᠰᠤᠷᠭᠠᠯ ᠠᠴᠠ ᠵᠢᠱᠢᠶ᠎ᠡ ᠲᠠᠲᠠᠵᠤ ᠠᠷᠢᠬᠢ᠂ ᠲᠠᠮᠠᠬᠢ ᠵᠡᠷᠭᠡ ᠬᠣᠣᠷᠲᠤ ᠵᠤᠷᠰᠢᠯ ᠢ ᠲᠤᠬᠠᠢ ᠶᠢᠨ ᠬᠦᠮᠦᠨ ᠥᠪᠡᠷ ᠢᠶᠡᠨ ᠬᠡᠷᠡᠭᠯᠡᠬᠦ ᠦᠭᠡᠢ ᠪᠠᠶᠢᠬᠤ ᠳᠤ ᠠᠮᠢᠳᠤᠷᠠᠯ ᠠᠬᠤᠢ᠂ ᠠᠵᠢᠯ ᠦᠢᠯᠡᠰ ᠨᠢ ᠪᠦᠲᠦᠮᠵᠢᠲᠡᠢ ᠪᠠᠶᠢᠵᠤ ᠨᠡᠶᠢᠭᠡᠮ ᠳᠦ ᠵᠥᠪ᠂ ᠡᠶᠡᠷᠭᠦ ᠦᠢᠯᠡᠰ ᠢ ᠦᠯᠢᠭᠡᠷᠯᠡᠨ ᠮᠠᠩᠯᠠᠶᠢᠯᠠᠵᠤ ᠪᠣᠯᠳᠠᠭ ᠲᠠᠯ᠎ᠠ ᠪᠠᠷ ᠳᠤᠷᠠᠳᠴᠠᠢ᠃