ᠠᠷᠠᠳᠴᠢᠯᠠᠭᠰᠠᠨ ᠬᠤᠪᠢᠰᠬᠠᠯ ᠤᠨ 30 ᠵᠢᠯ ᠦᠨ ᠣᠢ ᠳᠤ ᠵᠣᠷᠢᠭᠤᠯᠤᠭᠰᠠᠨ ︽ᠳᠥᠷᠪᠡᠨ ᠠᠪᠤᠷᠭᠤ ᠶᠢᠨ ᠬᠡᠰᠢᠭ︾ ᠦᠨᠳᠦᠰᠦᠨ ᠦ ᠪᠥᠬᠡ ᠶᠢᠨ ᠪᠠᠷᠢᠯᠳᠤᠭᠠᠨ ᠪᠤᠯᠠᠭᠠᠨ ᠠᠶᠢᠮᠠᠭ ᠲᠤ ᠪᠣᠯᠤᠯ᠎ᠠ᠃ ᠤᠯᠤᠰ᠂ ᠠᠶᠢᠮᠠᠭ ᠤᠨ ᠠᠯᠳᠠᠷ ᠴᠣᠯᠠ ᠲᠠᠢ 64 ᠪᠥᠬᠡ ᠵᠣᠳᠣᠭᠯᠠᠭᠰᠠᠨ ᠠᠴᠠ ᠲᠤᠰ ᠠᠶᠢᠮᠠᠭ ᠤᠨ ᠰᠡᠯᠡᠩᠭᠡ ᠰᠤᠮᠤ ᠶᠢᠨ ᠬᠠᠷᠢᠶᠠᠲᠤ᠂ ᠤᠯᠤᠰ ᠤᠨ ᠨᠠᠴᠢᠨ ᠳ∙ᠠᠮᠤᠷᠰᠠᠶᠢᠬᠠᠨ ᠲᠦᠷᠦᠭᠦᠯᠡᠯ᠎ᠡ᠃ ᠮᠣᠩᠭᠣᠯ ᠤᠯᠤᠰ ᠤᠨ ᠨᠠᠴᠢᠨ ᠵ∙ᠪᠠᠶᠠᠨᠮᠦ᠋ᠩᠬᠡ᠂
ᠳ∙ᠲᠠᠮᠢᠷ᠂ ᠠᠶᠢᠮᠠᠭ ᠤᠨ ᠠᠷᠰᠯᠠᠨ ᠭ∙ᠭᠠᠩᠪᠠᠭᠠᠲᠤᠷ ᠨᠠᠷ ᠶᠡᠬᠡ ᠰᠢᠪᠦᠭᠡ ᠳᠦ ᠦᠯᠡᠳᠡᠯ᠎ᠡ᠃
ᠳᠤᠮᠤᠭᠲᠤ ᠠᠪᠤᠷᠭᠤ ᠱ∙ᠨᠠᠮᠬᠠᠢ᠂ ᠱ ∙ᠯᠤᠪᠰᠠᠩᠵᠢᠮᠪᠠ᠂ ᠳᠠᠷᠬᠠᠨ ᠠᠪᠤᠷᠭᠤ ᠪ∙ᠲᠦᠪᠳᠡᠨᠳᠣᠷᠵᠢ᠂ ᠳᠠᠶᠠᠩ ᠠᠪᠤᠷᠭᠤ ᠰ∙ᠰᠡᠷᠡᠩ ᠨᠠᠷ ᠤᠨ ᠨᠡᠷᠡᠮᠵᠢᠲᠦ ︽ᠳᠥᠷᠪᠡᠨ ᠠᠪᠤᠷᠭᠤ ᠶᠢᠨ ᠬᠡᠰᠢᠭ ︾ ᠪᠠᠷᠢᠯᠳᠤᠭᠠᠨ ᠤ ᠦᠶ᠎ᠡ ᠪᠡᠷ ᠲᠤᠰ ᠠᠶᠢᠮᠠᠭ ᠤᠨ ᠠᠷᠠᠳᠴᠢᠯᠠᠭᠰᠠᠨ ᠨᠠᠮ ᠠᠴᠠ ᠤᠯᠤᠰ ᠤᠨ ᠠᠪᠤᠷᠭᠤ ᠭ∙ᠡᠷᠬᠢᠮᠪᠠᠶᠠᠷ᠂ ᠳᠠᠷᠬᠠᠨ ᠠᠪᠤᠷᠭᠤ ᠪ∙ᠲᠦᠪᠳᠡᠨᠳᠣᠷᠵᠢ ᠶᠢᠨ ᠥᠬᠢᠨ ᠣᠳᠬᠣᠨᠴᠢᠯᠠᠭᠤᠨ᠂ ᠳᠠᠶᠠᠩ ᠠᠪᠤᠷᠭᠤ ᠰ∙ᠰᠡᠷᠡᠩ ᠦᠨ ᠥᠬᠢᠨ ᠤᠷᠠᠨᠴᠢᠮᠡᠭ ᠨᠠᠷ ᠲᠤ ᠬᠦᠨᠳᠦᠳᠬᠡᠯ ᠦᠵᠡᠭᠦᠯᠦᠯ᠎ᠡ᠃