ᠮ∙ᠠᠩᠬᠠᠴᠡᠴᠡᠭ ︽ᠺᠠᠲ᠋ᠠᠷ ᠤᠨ ᠴᠣᠮᠣ︾ ᠠᠴᠠ ᠬᠦᠷᠡᠯ ᠮᠧᠳᠠᠯ ᠬᠦᠷᠲᠡᠯ᠎ᠡ  | News.MN

ᠮ∙ᠠᠩᠬᠠᠴᠡᠴᠡᠭ ︽ᠺᠠᠲ᠋ᠠᠷ ᠤᠨ ᠴᠣᠮᠣ︾ ᠠᠴᠠ ᠬᠦᠷᠡᠯ ᠮᠧᠳᠠᠯ ᠬᠦᠷᠲᠡᠯ᠎ᠡ 

︽ᠺᠠᠲ᠋ᠠᠷ ᠤᠨ ᠴᠣᠮᠣ︾ ᠳᠡᠯᠡᠬᠡᠢ ᠶᠢᠨ ᠴᠣᠮᠣ ᠶᠢᠨ ᠲᠡᠮᠡᠴᠡᠭᠡᠨ ᠡᠨᠡ ᠰᠠᠷ᠎ᠠ ᠶᠢᠨ 19-24 ᠍ ᠦ ᠬᠣᠭᠣᠷᠣᠨᠳᠣ ᠺᠠᠲ᠋ᠠᠷ ᠤᠯᠤᠰ ᠤᠨ ᠳ᠋ᠤᠾᠠ ᠬᠤᠲᠠ ᠳᠤ ᠵᠣᠬᠢᠶᠠᠨ ᠪᠠᠶᠢᠭᠤᠯᠤᠭᠳᠠᠵᠤ ᠪᠠᠶᠢᠭ᠎ᠠ ᠪᠢᠯᠡ᠃ ᠲᠤᠰ ᠲᠡᠮᠡᠴᠡᠭᠡᠨ ᠨᠢ ᠲᠤᠤᠺᠢᠤ᠋ 2020 ᠣᠯᠢᠮᠫ ᠤᠨ ᠨᠠᠭᠠᠳᠤᠮ ᠤᠨ ᠬᠦᠨᠳᠦ ᠶᠢ ᠡᠷᠭᠦᠯᠲᠡ ᠶᠢᠨ ᠣᠨᠣᠭ᠎ᠠ ᠣᠯᠭᠣᠬᠤ ᠠᠯᠲᠠᠨ ᠠᠩᠭᠢᠯᠠᠯ ᠤᠨ ᠲᠡᠮᠡᠴᠡᠭᠡᠨ ᠦ ᠨᠢᠭᠡ ᠪᠥᠭᠡᠳ᠂ ᠮᠠᠨ ᠤ ᠤᠯᠤᠰ ᠤᠨ ᠰᠢᠭᠰᠢᠭᠡ ᠪᠠᠭ ᠤᠨ ᠲᠠᠮᠢᠷᠴᠢᠳ ᠣᠷᠣᠯᠴᠠᠵᠤ ᠪᠤᠢ᠃
ᠬᠠᠷᠢᠨ ᠳᠥᠩᠭᠡᠵᠢ ᠰᠠᠶ᠋ᠢ ᠡᠮᠡᠭᠲᠡᠶᠢᠴᠦᠳ ᠦᠨ 76 ᠺᠢᠯᠦᠭᠷᠡᠮ ᠦᠨ ᠵᠢᠩ ᠳᠦ ᠮ∙ᠠᠩᠬᠠᠴᠡᠴᠡᠭ ᠣᠭᠴᠣᠮ ᠡᠷᠭᠦᠯᠲᠡ ᠪᠡᠷ 102 ᠺᠢᠯᠦᠭᠷᠡᠮ ᠢ ᠡᠷᠭᠦᠵᠦ ᠬᠦᠷᠡᠯ᠂ ᠲᠦᠯᠬᠢᠯᠲᠡ ᠲᠡᠢ ᠡᠷᠭᠦᠯᠲᠡ ᠪᠡᠷ 124 ᠺᠢᠯᠦᠭᠷᠡᠮ ᠢ ᠡᠷᠭᠦᠵᠦ ᠬᠦᠷᠡᠯ᠂ ᠨᠡᠶᠢᠯᠡᠪᠦᠷᠢ ᠳ᠋ᠦᠩ ᠢᠶᠡᠷ 226 ᠺᠢᠯᠦᠭᠷᠡᠮ ᠦᠨ ᠠᠮᠵᠢᠯᠲᠠ ᠪᠠᠷ ᠮᠥᠨ ᠬᠦᠷᠡᠯ ᠮᠧᠳᠠᠯ  ᠬᠦᠷᠲᠡᠭᠡᠳ ᠪᠠᠶᠢᠨ᠎ᠠ᠃

ᠰᠡᠳᠬᠢᠭᠳᠡᠯ ᠦᠯᠡᠳᠡᠭᠡᠬᠦ