ᠬᠠᠰᠠᠭᠰᠲ᠋ᠠᠨ ᠤ ᠠᠺᠲ᠋ᠣᠪᠧ ᠬᠤᠲᠠ ᠳᠤ ᠪᠣᠯᠵᠤ ᠪᠠᠶᠢᠭ᠎ᠠ ᠬᠠᠰᠠᠭ ᠺᠦ᠋ᠷᠧᠱ ᠪᠥᠬᠡ ᠶᠢᠨ ᠨᠠᠰᠤᠨ ᠳᠤ ᠬᠦᠷᠦᠭᠰᠡᠳ ᠦᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠡᠬᠢᠨ ᠦ ᠡᠳᠦᠷ ︽ᠵᠧᠩᠺᠣ︾ ᠺᠯᠦ᠋ᠪ᠂ ︽ᠡᠷᠴᠢ︾ ᠰᠫᠣᠷᠲ ᠬᠣᠷᠢᠶᠠᠨ ᠤ ᠲᠠᠮᠢᠷᠴᠢᠨ ᠪ∙ᠡᠨᠡᠪᠢᠰᠢ ᠡᠷᠡᠭᠲᠡᠶᠢᠴᠦᠳ ᠦᠨ 60 ᠺᠢᠯᠦᠭᠷᠡᠮ ᠳᠦ ᠪᠠᠷᠢᠯᠳᠤᠨ ᠲᠦᠷᠦᠭᠦᠯᠡᠵᠦ᠂ ᠳᠡᠯᠡᠬᠡᠢ ᠶᠢᠨ ᠠᠪᠤᠷᠭᠤ ᠪᠣᠯᠵᠠᠢ᠃
ᠲᠡᠷᠡᠪᠡᠷ ᠡᠨᠡ ᠲᠡᠮᠡᠴᠡᠭᠡᠨ ᠦ ᠬᠠᠮᠤᠭ ᠤᠨ ᠰᠢᠯᠢᠳᠡᠭ ᠲᠧᠭᠨᠢᠭ ᠲᠡᠢ ᠪᠥᠬᠡ ᠶᠢᠨ ᠱᠠᠩᠨᠠᠯ ᠬᠦᠷᠲᠡᠭᠰᠡᠨ ᠪᠠᠶᠢᠨ᠎ᠠ᠃ ᠮᠥᠨ ᠮᠠᠨ ᠤ ᠪᠠᠭ ᠲᠠᠮᠢᠷᠴᠢᠳ ᠠᠴᠠ ᠡᠷᠡᠭᠲᠡᠶᠢᠴᠦᠳ ᠦᠨ 55 ᠺᠢᠯᠦᠭᠷᠡᠮ ᠳᠦ ︽ᠡᠷᠴᠢ︾ ᠰᠫᠣᠷᠲ ᠬᠣᠷᠢᠶᠠᠨ ᠤ ᠪᠥᠬᠡ ᠳ∙ ᠪᠥᠬᠡᠴᠢᠯᠠᠭᠤᠨ ᠮᠥᠩᠭᠥ᠂ 90 ᠺᠢᠯᠦᠭᠷᠡᠮ ᠳᠦ ︽ᠠᠯᠳᠠᠷ︾ ᠰᠫᠣᠷᠲ ᠬᠣᠷᠢᠶᠠᠨ ᠤ ᠲᠠᠮᠢᠷᠴᠢᠨ ᠡ᠊∙ᠲᠦᠮᠡᠨᠨᠠᠰᠤᠨ ᠬᠦᠷᠡᠯ ᠮᠧᠳᠠᠯ ᠲᠤᠰ ᠲᠤᠰ ᠬᠦᠷᠲᠡᠵᠡᠢ ᠃