ᠮᠣᠩᠭᠣᠯ ᠤᠯᠤᠰ ᠤᠨ ᠮᠡᠷᠭᠡᠵᠢᠯ ᠦᠨ ︽ᠤᠯᠠᠭᠠᠨᠪᠠᠭᠠᠲᠤᠷ ММС ᠡᠨᠧᠷᠭᠢ︾ ᠪᠠᠭ ᠢ ᠠᠷᠪᠠᠨ ᠬᠣᠶᠠᠳᠤᠭᠠᠷ ᠰᠠᠷ᠎ᠠ ᠶᠢᠨ 20-22 ᠍ ᠳᠦ ᠬᠢᠲᠠᠳ ᠲᠤ ᠪᠠᠶᠢᠭᠤᠯᠤᠭᠳᠠᠬᠤ Sina Elite League Final ᠍ ᠳᠦ ᠣᠷᠣᠯᠴᠠᠬᠤ ᠶᠢ ᠤᠷᠢᠭᠰᠠᠨ ᠤ ᠳᠠᠭᠠᠤ ᠲᠡᠳᠡ ᠡᠮᠦᠨᠡᠲᠦ ᠬᠥᠷᠰᠢ ᠶᠢ ᠵᠣᠷᠢᠯ᠎ᠠ᠃ ᠪᠠᠭ ᠤᠨ ᠪᠦᠷᠢᠯᠳᠦᠬᠦᠨ ᠳᠦ ᠳ∙ᠳᠡᠯᠭᠡᠷᠢᠨᠢᠮᠠ᠂ ᠡ᠊∙ᠰᠡᠷᠡᠩᠪᠠᠭᠠᠲᠤᠷ᠂ ᠭ∙ᠴᠡᠩᠭᠡᠭᠦᠨᠪᠠᠶᠠᠷ᠂ ᠠ᠊∙ ᠠᠨᠠᠨᠳᠠ ᠨᠠᠷ ᠳᠠᠰᠬᠠᠯᠵᠢᠭᠤᠯᠤᠭᠴᠢ ᠰ∙ᠲᠤᠯᠭ᠎ᠠ ᠶᠢᠨ ᠬᠠᠮᠲᠤ ᠲᠤᠰ ᠲᠡᠮᠡᠴᠡᠭᠡᠨ ᠳᠦ ᠤᠷᠤᠯᠴᠠᠬᠤ ᠶᠤᠮ᠃ ᠪᠠᠭ ᠤᠨ ᠳᠣᠪᠲᠣᠯᠤᠭᠴᠢ ᠡ᠊∙ᠳᠦᠯᠭᠡᠨ ᠦ ᠬᠤᠪᠢ ᠳᠤ ᠡᠨᠡᠬᠦ ᠲᠡᠮᠡᠴᠡᠭᠡᠨ ᠢ ᠥᠨᠵᠢᠨ᠎ᠡ᠃ ᠲᠡᠷᠡᠪᠡᠷ ᠥᠩᠭᠡᠷᠡᠭᠰᠡᠨ ᠵᠢᠯ ᠪᠠᠷᠠᠭᠤᠨ ᠭᠠᠷ ᠤᠨ ᠢᠶᠠᠨ ᠳᠤᠮᠳᠠ ᠬᠤᠷᠤᠭᠤᠨ ᠳᠤ ᠬᠢᠯᠭᠡᠭᠰᠡᠨ ᠲᠡᠮᠦᠷ ᠢᠶᠡᠨ ᠠᠪᠬᠠᠭᠤᠯᠬᠤ ᠬᠠᠭᠠᠯᠤᠯᠭ᠎ᠠ ᠶᠢ ᠥᠨᠥᠳᠥᠷ ᠪᠦᠭᠦᠳᠡ ᠨᠠᠶᠢᠷᠠᠮᠳᠠᠬᠤ ᠰᠤᠯᠤᠩᠭᠤᠰ ᠤᠯᠤᠰ ᠲᠤ ᠬᠢᠯᠭᠡᠭᠰᠡᠨ ᠨᠢ ᠠᠮᠵᠢᠯᠲᠠ ᠲᠠᠢ ᠪᠣᠯᠵᠠᠢ᠃
Sina Elite League ᠨᠢ ᠬᠢᠲᠠᠳ ᠤᠨ 150 ᠬᠣᠲᠠ ᠪᠠᠷ 30 ᠮᠢᠩᠭᠠᠨ ᠪᠠᠭ᠂ 120 ᠮᠢᠩᠭᠠᠨ ᠲᠠᠮᠢᠷᠴᠢᠨ ᠢ ᠬᠠᠮᠤᠷᠤᠭᠰᠠᠨ᠂ ᠣᠯᠠᠨ ᠰᠠᠶ᠎ᠠ ᠦᠵᠡᠭᠴᠢ ᠶᠢ ᠲᠠᠲᠠᠭᠰᠠᠨ ᠯᠢᠭ ᠶᠤᠮ ᠃ ᠯᠢᠭ ᠦᠨ ᠢᠶᠡᠨ ᠹᠢᠨᠠᠯ ᠳᠤ ᠳᠡᠯᠡᠬᠡᠢ ᠶᠢᠨ ᠰᠢᠯᠢᠳᠡᠭ ᠪᠠᠭ ᠤᠳ ᠢ ᠤᠷᠢᠯᠭ᠎ᠠ ᠪᠠᠷ ᠣᠷᠤᠯᠴᠠᠭᠤᠯᠳᠠᠭ ᠪᠥᠭᠡᠳ ᠡᠨᠡ ᠵᠢᠯ FIBA ᠶᠢᠨ ᠮᠡᠷᠭᠡᠵᠢᠯ ᠦᠨ 16 ᠪᠠᠭ ᠥᠷᠢᠰᠦᠯᠳᠦᠬᠦ ᠪᠡᠷ ᠣᠴᠢᠵᠠᠢ᠃ ᠲᠡᠳᠡᠭᠡᠷ ᠪᠠᠭ ᠤᠨ ᠳᠤᠮᠳᠠ ᠠᠦᠢᠰᠲᠷᠠᠯᠢᠶ᠎ᠠ᠂ ᠬᠢᠲᠠᠳ᠂ ᠶᠠᠫᠣᠨ᠂ ᠮᠣᠩᠭᠣᠯ᠂ ᠣᠷᠣᠰ ᠂ ᠠᠮᠧᠷᠢᠺᠠ ᠵᠡᠷᠭᠡ ᠰᠢᠯᠢᠳᠡᠭ ᠪᠠᠭ ᠤᠳ ᠪᠠᠶᠢᠳᠠᠭ ᠃